• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠡᠯᠢᠶ᠎ᠡ ᠰᠢᠪᠠᠭᠣ ᠪᠠᠷᠢᠬᠣ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

ᠡᠨᠡ  ᠲᠣᠭᠯᠠᠭᠠᠮ  ᠳᠤ ᠨᠢᠭᠡ ᠬᠡᠦᠭᠡᠳ  ᠨᠢ ᠡᠯᠢᠶ᠎ᠡ  ᠪᠣᠯᠵᠣ ᠂ ᠪᠤᠰᠣᠳ ᠬᠡᠦᠭᠡᠳ  ᠦᠳ  ᠶᠡᠭᠡ ᠪᠠᠭ᠎ᠠ ᠵᠢᠨ ᠲᠡᠰ ᠲ᠋ᠠᠷᠠᠭᠠᠯᠠᠯ  ᠢᠶᠡᠷ  ᠢᠶᠡᠨ  ᠬᠣᠶᠢᠨ᠎ᠠ ᠬᠣᠶᠢᠨ᠎ᠠ  ᠡᠴᠡ ᠪᠠᠨ ᠬᠣᠷᠮᠣᠢ  ᠡᠴᠡ ᠪᠠᠨ ᠪᠠᠷᠢᠵᠣ ᠂ ᠡᠯᠢᠶ᠎ᠡ ᠵᠢᠨ ᠡᠰᠡᠷᠭᠦ  ᠬᠠᠨᠳᠣᠨ ᠴᠣᠪᠣᠷᠠᠯᠳᠣᠨ ᠵᠣᠭᠰᠣᠭᠠᠳ ᠰᠢᠪᠠᠭᠣ ᠪᠣᠯᠳᠠᠭ ᠃ ᠡᠯᠢᠶ᠎ᠡ  ᠪᠣᠯᠣᠭᠰᠠᠨ ᠬᠡᠦᠭᠡᠳ ᠰᠢᠪᠠᠭᠣ ᠵᠢ ᠪᠠᠷᠢᠬᠣ ᠭᠡᠵᠣ ᠴᠢᠷᠮᠠᠶᠢᠬᠣ ᠪᠥᠭᠡᠳ ᠢᠩᠬᠢᠬᠦ ᠳ᠋ᠡᠭᠡᠨ ᠵᠠᠪᠠᠯ ᠮᠥᠷᠯᠡᠨ ᠵᠣᠭᠰᠣᠭᠰᠠᠨ ᠬᠡᠦᠭᠡᠳ  ᠤᠨ ᠬᠠᠮᠣᠭ  ᠤᠨ ᠰᠡᠭᠦᠯ  ᠤᠨ ᠬᠢ ᠵᠢ ᠪᠠᠷᠢᠬᠣ ᠶᠣᠰᠣ ᠲ᠋ᠠᠢ ᠃ ᠡᠭᠦᠨ  ᠳᠤ ᠮᠥᠷᠯᠡᠨ ᠵᠣᠭᠰᠣᠭᠰᠠᠨ ᠬᠡᠦᠭᠡᠳ  ᠤᠨ ᠲᠦᠷᠦᠭᠦᠴᠢ  ᠨᠢ ᠰᠢᠪᠠᠭᠣ ᠨᠣᠭᠣᠳ  ᠢᠶᠡᠨ  ᠬᠠᠮᠠᠭᠠᠯᠠᠵᠣ ᠂ ᠡᠯᠢᠶ᠎ᠡ   ᠶᠢ ᠬᠠᠰᠢᠳᠠᠭ ᠃ᠡᠯᠢᠶ᠎ᠡ  ᠪᠣᠯᠣᠭᠰᠠᠨ ᠬᠡᠦᠭᠡᠳ ᠬᠤᠷᠴᠠ ᠰᠠᠮᠪᠠᠭᠠᠯᠢᠭ ᠪᠣᠯ ᠬᠠᠮᠠᠭᠠᠯᠠᠯᠳᠠ ᠵᠢ ᠡᠪᠳᠡᠵᠣ ᠰᠢᠪᠠᠭᠣ ᠵᠢ ᠪᠠᠷᠢᠵᠣ ᠴᠢᠳᠠᠳᠠᠭ ᠃ ᠢᠩᠬᠢᠵᠣ ᠪᠠᠷᠢᠭᠳᠠᠭᠰᠠᠨ ᠬᠡᠦᠭᠡᠳ ᠡᠯᠢᠶ᠎ᠡ  ᠪᠣᠯᠵᠣ ᠂ ᠦᠷᠭᠦᠯᠵᠢᠯᠡᠨ ᠨᠠᠭᠠᠳᠣᠨ᠎ᠠ ᠃

 

ᠡᠯᠢᠶ᠎ᠡ  ᠰᠢᠪᠠᠭᠣ ᠪᠠᠷᠢᠬᠣ ᠨᠠᠭᠠᠳᠣᠮ  ᠢ ᠵᠠᠷᠢᠮ ᠨᠣᠳᠣᠭ  ᠲᠤ ᠪᠠᠰᠠ ᠪᠣᠣᠷᠠᠴᠢᠬᠣ ᠪᠤᠶᠤ ᠴᠠᠭᠠᠨ ᠲᠡᠮᠡᠭᠡ ᠭᠡᠵᠣ ᠬᠡᠯᠡᠳᠡᠭ ᠃ ᠨᠠᠭᠠᠳᠬᠣ ᠶᠣᠰᠣ ᠵᠢᠷᠣᠮ  ᠨᠢ ᠡᠯᠢᠶ᠎ᠡ  ᠰᠢᠪᠠᠭᠣ ᠪᠠᠷᠢᠬᠣ  ᠲᠠᠢ ᠲᠥᠰᠥᠭᠡᠳᠡᠢ ᠃ ᠢᠩᠬᠢᠵᠣ ᠨᠠᠭᠠᠳᠬᠣ  ᠨᠢ ᠬᠡᠦᠭᠡᠳ  ᠤᠨ ᠬᠤᠷᠴᠠ ᠰᠠᠮᠪᠠᠭ᠎ᠠ ᠂ ᠱᠠᠯᠠᠮᠠᠭᠠᠢ ᠬᠥᠳᠡᠯᠭᠡᠭᠡᠨ  ᠢ ᠪᠤᠯᠪᠠᠰᠤᠷᠠᠭᠤᠯᠬᠤ   ᠡᠴᠡ ᠭᠠᠳᠠᠨ᠎ᠠ ᠂ ᠬᠠᠮᠳᠣᠴᠢ ᠦᠵᠡᠯ ᠂ ᠪᠥᠯᠭᠦᠮᠳᠡᠯ  ᠤᠨ ᠬᠦᠴᠦ ᠵᠢ ᠣᠶᠢᠯᠭᠠᠭᠣᠯᠬᠣ ᠰᠤᠷᠭᠠᠨ ᠬᠥᠮᠦᠵᠢᠯ  ᠤᠨ ᠠᠴᠢ ᠬᠣᠯᠪᠣᠭᠳᠠᠯ  ᠲᠠᠢ ᠪᠠᠶᠢᠳᠠᠭ ᠃

 

( ︽ ᠮᠣᠩᠭᠣᠯ ᠵᠠᠩ ᠦᠢᠯᠡ ᠵᠢᠨ ᠵᠦᠢ ) ᠨᠣᠮ  ᠡᠴᠡ )

ᠰᠢᠭᠦᠮᠵᠢ