• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠤᠳᠠᠰᠣ ᠡᠯᠬᠦᠯᠴᠡᠬᠦ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

ᠤᠳᠠᠰᠤᠨ ᠪᠢᠳᠡᠭᠦᠦ ᠭᠣᠭᠴᠣᠭ᠎ᠠ ᠪᠠᠷ ᠡᠯᠳᠡᠪ  ᠵᠦᠢᠯ  ᠤᠨ ᠲᠦᠷᠰᠦ ᠪᠦᠳᠦᠭᠡᠭᠦ ᠨᠠᠭᠠᠳᠣᠮ ᠃ ᠲᠤᠰ ᠨᠠᠭᠠᠳᠣᠮ  ᠢ ᠭᠣᠣᠯᠳᠠᠭᠣ ᠬᠣᠶᠠᠷ ᠬᠦᠮᠦᠨ ᠨᠠᠭᠠᠳᠳᠠᠭ ᠃ ᠤᠳᠠᠰᠤᠨ  ᠤ ᠬᠣᠶᠠᠷ ᠦᠵᠦᠭᠦᠷ  ᠢ ᠬᠣᠯᠪᠣᠨ ᠵᠠᠩᠬᠢᠳᠴᠣ ᠪᠢᠳᠡᠭᠦᠦ ᠭᠣᠭᠴᠣᠭ᠎ᠠ ᠪᠣᠯᠭᠠᠭᠠᠳ ᠨᠢᠭᠡ  ᠨᠢ ᠭᠠᠷ  ᠤᠨ ᠠᠷᠪᠠᠨ ᠬᠣᠷᠣᠭᠣᠨ  ᠳᠠᠭᠠᠨ ᠡᠯᠭᠦᠵᠦ  ᠂ ᠨᠥᠭᠦᠭᠡ  ᠲᠠᠢ ᠪᠠᠨ ᠡᠭᠡᠯᠵᠢᠯᠡᠨ ᠭᠣᠬᠠᠳᠠᠵᠣ ᠡᠯᠳᠡᠪ  ᠨᠠᠷᠢᠨ ᠲᠦᠷᠰᠦ ᠡᠭᠦᠰᠬᠡᠨ᠎ᠡ  ᠃ ᠡᠭᠦᠨ   ᠳᠤ ᠬᠠᠭᠠᠯᠭ᠎ᠠ ᠂ ᠬᠠᠨ᠎ᠠ ᠂ ᠡᠭᠦᠳᠡ  ᠂ ᠠᠮᠠᠨ ᠬᠦᠵᠦᠭᠦᠦ ᠂ ᠦᠭᠡᠷ  ᠤᠨ ᠨᠢᠳᠦ ᠂ ᠥᠮᠦᠳᠦ ᠂ ᠬᠠᠶᠢᠴᠢ ᠂ ᠴᠠᠮᠴᠠ ᠂ ᠰᠢᠪᠠᠭᠣᠨ  ᠤ ᠬᠡᠯᠡ ᠂ ᠪᠠᠭᠤᠪᠴᠢ ᠂ ᠬᠡᠯᠬᠢᠶ᠎ᠡ ᠵᠡᠷᠭᠡ ᠬᠣᠷᠢ ᠭᠠᠷᠣᠢ ᠲᠦᠷᠰᠦ ᠵᠢ ᠪᠦᠳᠦᠭᠡᠳᠡᠭ ᠃ ᠤᠳᠠᠰᠤ ᠡᠯᠭᠦᠯᠴᠡᠬᠦ  ᠨᠠᠭᠠᠳᠣᠮ  ᠳᠤ ᠨᠢᠭᠡ ᠬᠦᠮᠦᠨ  ᠤ ᠪᠠᠨ ᠡᠭᠦᠰᠬᠡᠭᠰᠡᠨ  ᠲᠦᠷᠰᠦ ᠵᠢ ᠲᠡᠷᠡ ᠶᠣᠰᠣ ᠪᠠᠷ ᠶᠡᠭᠦᠯᠡᠨ ᠠᠪᠳᠠᠭ ᠪᠢᠰᠢ ᠂ ᠬᠠᠷᠢᠨ ᠨᠥᠭᠦᠭᠡ ᠬᠦᠮᠦᠨ  ᠨᠢ ᠤᠳᠠᠰᠤᠨ  ᠤ ᠣᠯᠠᠨ ᠲᠠᠯ᠎ᠠ ᠵᠢᠨ ᠥᠨᠴᠥᠭ ᠠᠭᠤᠯᠵᠠᠷ  ᠡᠴᠡ ᠬᠣᠶᠠᠷ ᠭᠠᠷ  ᠤᠨ ᠬᠣᠷᠣᠭᠣ ᠪᠠᠷ  ᠢᠶᠡᠨ  ᠤᠷᠠᠨ ᠳᠡᠮ  ᠲᠠᠢ ᠡᠯᠭᠦᠨ  ᠠᠪᠴᠤ ᠂ ᠰᠢᠨ᠎ᠡ ᠲᠦᠷᠰᠦ ᠡᠭᠦᠰᠬᠡᠳᠡᠭ  ᠪᠤᠶᠤ ᠤᠭ ᠲᠦᠷᠰᠦ ᠵᠢ ᠰᠢᠨ᠎ᠡ ᠪᠠᠶᠢᠷᠢᠰᠢᠯ  ᠢᠶᠡᠷ ᠡᠯᠭᠦᠨ  ᠠᠪᠳᠠᠭ ᠃ ᠡᠨᠡ  ᠮᠡᠳᠦ ᠪᠠᠷ ᠨᠢᠭᠡ  ᠨᠢ ᠨᠥᠭᠦᠭᠡ  ᠡᠴᠡ ᠪᠠᠨ ᠡᠯᠭᠦᠨ  ᠠᠪᠴᠤ ᠰᠢᠨ᠎ᠡ ᠲᠦᠷᠰᠦ ᠡᠭᠦᠰᠬᠡᠨ ᠡᠭᠡᠯᠵᠢᠯᠡᠨ  ᠲᠦᠷᠰᠦ ᠬᠣᠪᠢᠯᠭᠠᠵᠣ ᠨᠠᠭᠠᠳᠣᠨ᠎ᠠ ᠃ ᠡᠨᠡ  ᠬᠦ ᠪᠢᠳᠡᠭᠦᠦ ᠭᠣᠭᠴᠣᠭ᠎ᠠ ᠵᠢ ᠬᠣᠶᠠᠷ ᠭᠠᠷ  ᠤᠨ ᠬᠣᠷᠣᠭᠣ ᠪᠠᠷ  ᠢᠶᠡᠨ  ᠭᠤᠭᠳᠠᠬᠣ ᠪᠠ ᠰᠢᠳᠦ ᠪᠠᠷ  ᠢᠶᠡᠨ  ᠬᠠᠪᠰᠤᠷᠣᠭᠣᠯᠵᠣ ᠨᠠᠷᠠᠨ  ᠤ ᠲᠦᠷᠰᠦ ᠵᠢ ᠭᠠᠷᠭᠠᠵᠣ ᠪᠣᠯᠳᠠᠭ ᠃

 

( ︽ ᠮᠣᠩᠭᠣᠯ ᠵᠠᠩ ᠦᠢᠯᠡ ᠵᠢᠨ ᠨᠡᠪᠳᠡᠷᠡᠭᠡᠢ ᠲᠣᠯᠢ ) ᠨᠣᠮ  ᠡᠴᠡ )

ᠰᠢᠭᠦᠮᠵᠢ