• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠨᠣᠬᠠᠢ ᠬᠦᠮᠦᠨ ᠪᠣᠯᠬᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

ᠣᠯᠠᠨ ᠬᠡᠦᠭᠡᠳ ᠨᠠᠭᠠᠳᠬᠣ ᠲᠡᠭᠰᠢ ᠬᠡᠮᠳᠦ ᠪᠣᠰᠣ ᠨᠠᠭᠠᠳᠣᠮ  ᠤᠨ ᠨᠢᠭᠡᠨ ᠲᠥᠷᠥᠯ ᠃ ᠲᠣᠰ ᠲᠣᠭᠯᠠᠭᠠᠮ  ᠢ ᠨᠠᠭᠠᠳᠬᠣ ᠳᠠᠭᠠᠨ ᠤᠷᠢᠳᠠ ᠪᠠᠷ ᠬᠦᠮᠦᠨ  ᠢᠶᠡᠨ  ᠬᠣᠶᠠᠷ ᠪᠥᠯᠥᠭ ᠬᠣᠪᠢᠶᠠᠵᠣ ᠂ ᠨᠢᠭᠡ ᠪᠥᠯᠥᠭ  ᠨᠢ ᠬᠥᠮᠦᠨ ᠪᠣᠯᠵᠣ ᠂ ᠨᠥᠭᠦᠭᠡ ᠪᠥᠯᠥᠭ  ᠨᠢ ᠨᠣᠬᠠᠢ ᠪᠣᠯᠳᠠᠭ ᠃ ᠲᠡᠭᠡᠭᠡᠳ ᠲᠠᠪᠢᠭᠠᠳ ᠠᠯᠬᠣᠮ  ᠤᠨ ᠵᠠᠶᠢᠳᠠᠢ ᠬᠣᠶᠠᠷ ᠲᠣᠭᠣᠷᠢᠭ ᠬᠡᠯᠪᠡᠷᠢ  ᠲᠠᠢ ᠭᠡᠷ ᠵᠢᠷᠣᠨ᠎ᠠ ᠃ ᠲᠣᠭᠯᠠᠭᠠᠮ ᠡᠬᠢᠯᠡᠮᠡᠭᠴᠡ  ᠨᠣᠬᠠᠢ ᠪᠣᠯᠣᠭᠰᠠᠳ ᠲᠠᠯ᠎ᠠ ᠵᠢᠨ  ᠬᠢᠨ ᠬᠦᠮᠦᠨ ᠪᠣᠯᠣᠭᠰᠠᠳ  ᠢ ᠡᠨᠡ  ᠭᠡᠷ  ᠡᠴᠡ ᠲᠡᠷᠡ ᠭᠡᠷ ᠬᠦᠷᠭᠦ ᠵᠠᠮ ᠳ᠋ᠣᠨᠢ ᠪᠠᠷᠢᠵᠣ ᠢᠳᠡᠨ᠎ᠡ ᠭᠡᠵᠣ ᠬᠥᠭᠡᠭᠡᠳᠡᠭ ᠃ ᠨᠣᠬᠠᠢ ᠪᠣᠯᠣᠭᠰᠠᠳ ᠬᠥᠮᠦᠨ  ᠢ ᠪᠠᠷᠢᠬᠣ  ᠳᠠᠭᠠᠨ ᠭᠠᠷ  ᠡᠴᠡ  ᠨᠢ ᠪᠠᠷᠢᠭᠠᠳ ᠠᠪᠣᠪᠠᠯ ᠪᠣᠯᠴᠢᠬᠠᠨ᠎ᠠ ᠃ ᠪᠠᠷᠢᠭᠳᠠᠭᠰᠠᠨ ᠬᠥᠮᠦᠨ ᠡᠨᠡ  ᠤᠳᠠᠭᠠᠨ  ᠤ ᠨᠠᠭᠠᠳᠣᠮ  ᠡᠴᠡ ᠬᠠᠰᠣᠭᠳᠠᠵᠣ  ᠲᠦᠷ  ᠨᠢᠭᠡ ᠲᠠᠯ᠎ᠠ ᠳ᠋ᠣᠨᠢ ᠬᠦᠯᠢᠶᠡᠳᠡᠭ ᠃ ᠪᠠᠷᠢᠭᠳᠠᠭᠰᠠᠨ ᠦᠭᠡᠢ ᠬᠦᠮᠦᠰ ᠳᠠᠬᠢᠭᠠᠳ ᠲᠡᠷᠡ ᠭᠡᠷ  ᠡᠴᠡ ᠡᠨᠡ  ᠭᠡᠷ  ᠲᠤ ᠲᠣᠳᠠᠭᠠᠵᠣ ᠵᠠᠮ ᠦᠨ  ᠳᠣᠮᠳᠠ ᠨᠣᠬᠠᠢ ᠪᠣᠯᠣᠭᠰᠠᠳ  ᠲᠤ ᠪᠠᠷᠢᠭᠳᠠᠬᠣ ᠦᠭᠡᠢ ᠪᠠᠷ ᠴᠢᠷᠮᠠᠶᠢᠨ᠎ᠠ ᠃ ᠨᠣᠬᠠᠢ ᠪᠣᠯᠣᠭᠰᠠᠨ  ᠨᠢ ᠪᠠᠷᠢᠬᠣ ᠭᠡᠵᠣ ᠴᠢᠷᠮᠠᠶᠢᠳᠠᠭ ᠃ ᠬᠥᠮᠦᠨ ᠪᠣᠯᠣᠭᠰᠠᠳ ᠬᠣᠶᠠᠷ ᠭᠡᠷ  ᠤᠨ ᠬᠣᠭᠣᠷᠣᠨᠳᠣᠬᠢ ᠵᠠᠮ  ᠡᠴᠡ ᠭᠠᠷᠣᠭᠠᠳ ᠬᠣᠯᠠ ᠲᠤᠳᠠᠭᠠᠵᠣ ᠪᠣᠯᠳᠠᠭ ᠦᠭᠡᠢ ᠂ ᠨᠣᠬᠠᠢ ᠪᠣᠯᠣᠭᠰᠠᠳ ᠭᠡᠷ  ᠲᠤ ᠣᠷᠣᠭᠰᠠᠨ ᠬᠦᠮᠦᠨ  ᠢ ᠪᠠᠷᠢᠳᠠᠭ ᠦᠭᠡᠢ ᠃ ᠬᠡᠷᠪᠡ ᠨᠣᠬᠠᠢ ᠪᠣᠯᠣᠭᠰᠠᠳ ᠬᠥᠮᠦᠨ ᠪᠣᠯᠣᠭᠰᠠᠳ  ᠢ ᠪᠥᠭᠦᠨ  ᠢ ᠪᠠᠷᠢᠭᠠᠳ ᠪᠠᠷᠠᠴᠢᠬᠠᠪᠠᠯ ᠨᠣᠬᠠᠢ ᠪᠣᠯᠣᠭᠰᠠᠨ  ᠨᠢ ᠬᠥᠮᠦᠨ ᠪᠣᠯᠵᠣ ᠂ ᠬᠥᠮᠦᠨ ᠪᠣᠯᠣᠭᠰᠠᠨ  ᠨᠢ ᠨᠣᠬᠠᠢ ᠪᠣᠯᠵᠣ ᠨᠠᠭᠠᠳᠣᠮ ᠳᠠᠬᠢᠨ ᠦᠷᠭᠦᠯᠵᠢᠯᠡᠳᠡᠭ ᠃ ᠬᠡᠷᠪᠡ ᠬᠠᠮᠣᠭ  ᠤᠨ ᠰᠡᠭᠦᠯᠴᠢ ᠵᠢᠨ ᠬᠦᠮᠦᠨ  ᠢ ᠬᠣᠶᠠᠷ ᠤᠳᠠᠭ᠎ᠠ ᠲ᠋ᠡᠭᠡᠷ᠎ᠡ ᠪᠠᠷᠢᠵᠣ ᠴᠢᠳᠠᠬᠣ ᠦᠭᠡᠢ ᠪᠣᠯ ᠡᠨᠡ  ᠬᠥᠮᠦᠨ ᠭᠤᠷᠪᠠᠳᠣᠭᠠᠷ ᠤᠳᠠᠭ᠎ᠠ  ᠡᠴᠡ ᠪᠠᠨ ᠡᠬᠢᠯᠡᠨ  ᠲᠣᠳᠠᠭᠠᠬᠣ ᠵᠠᠮ  ᠳᠠᠭᠠᠨ ᠨᠣᠬᠠᠢ  ᠳᠤ ᠪᠠᠷᠢᠭᠳᠠᠭᠰᠠᠨ ᠬᠦᠮᠦᠨ  ᠢᠶᠡᠨ  ᠠᠮᠢᠯᠠᠭᠣᠯᠣᠨ ᠠᠪᠴᠣ ᠪᠣᠯᠳᠠᠭ ᠃ ᠲᠡᠭᠡᠬᠦ ᠳ᠋ᠡᠭᠡᠨ ᠡᠨᠡ  ᠬᠦᠮᠦᠨ ᠬᠦᠶᠣᠵᠣ ᠣᠴᠢᠩᠭᠣᠳᠠ ᠨᠥᠭᠦᠭᠡ ᠪᠠᠷᠢᠭᠳᠠᠭᠰᠠᠨ ᠬᠦᠮᠦᠨ  ᠤ ᠪᠠᠨ ᠪᠡᠶ᠎ᠡ ᠳᠡᠭᠡᠷ᠎ᠡ ᠨᠢᠭᠡ ᠳᠠᠪᠰᠢᠪᠡᠯ ᠪᠣᠯᠴᠢᠬᠠᠨ᠎ᠠ ᠃ ᠢᠩᠬᠢᠵᠣ ᠠᠮᠢᠯᠠᠭᠰᠠᠨ ᠬᠦᠮᠦᠨ ᠳᠣᠳᠠᠭᠠᠬᠣ  ᠳᠠᠭᠠᠨ ᠪᠣᠰᠣᠳ  ᠢᠶᠡᠨ ᠠᠮᠢᠯᠠᠭᠣᠯᠳᠠᠭ ᠦᠭᠡᠢ ᠃ ᠭᠠᠭᠴᠠ ᠬᠦ ᠬᠠᠮᠣᠭ  ᠤᠨ ᠰᠡᠭᠦᠯᠴᠢ ᠵᠢᠨ ᠲ᠋ᠡᠷᠡ ᠬᠦᠮᠦᠨ  ᠳᠤ ᠯᠠ ᠲᠡᠶᠢᠮᠦ ᠡᠷᠬᠡ  ᠲᠠᠢ ᠃ ᠭᠡᠳᠡᠯ᠎ᠡ ᠬᠣᠶᠠᠳᠣᠭᠠᠷ ᠤᠳᠠᠭ᠎ᠠ ᠪᠠᠷᠢᠭᠳᠠᠭᠰᠠᠨ ᠬᠦᠮᠦᠨ  ᠢ ᠳᠠᠬᠢᠵᠣ ᠠᠮᠢᠯᠠᠭᠣᠯᠵᠣ ᠪᠣᠯᠳᠠᠭ ᠦᠭᠡᠢ ᠃ ᠡᠨᠡ  ᠲᠣᠭᠯᠠᠭᠠᠮ  ᠨᠢ ᠬᠡᠦᠭᠡᠳ  ᠤᠨ ᠬᠤᠷᠴᠠ ᠱᠠᠯᠠᠮᠠᠭᠠᠢ ᠂ ᠠᠷᠭ᠎ᠠ ᠳᠡᠮ  ᠢ ᠪᠤᠯᠪᠠᠰᠤᠷᠠᠭᠤᠯᠬᠤ   ᠳᠤ ᠶᠡᠭᠡ ᠠᠴᠢ ᠲᠤᠰᠠ  ᠲᠠᠢ ᠪᠠᠶᠢᠳᠠᠭ ᠃

 

( ︽ ᠮᠣᠩᠭᠣᠯ ᠵᠠᠩ ᠦᠢᠯᠡ ᠵᠢᠨ ᠨᠡᠪᠳᠡᠷᠡᠭᠡᠢ ᠲᠣᠯᠢ ) ᠨᠣᠮ  ᠡᠴᠡ )

ᠰᠢᠭᠦᠮᠵᠢ