• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠪᠣᠭᠣ ᠨᠠᠭᠠᠳᠣᠮ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

ᠲᠤᠰᠬᠠᠢ ᠬᠥᠯᠭᠡ ᠳᠡᠭᠡᠷ᠎ᠡ ᠪᠣᠭᠣ ᠂ ᠨᠣᠬᠠᠢ ᠥᠷᠥᠵᠣ ᠨᠡᠬᠦᠯᠭᠡᠬᠦ ᠳ᠋ᠡᠭᠡᠨ ᠪᠣᠭᠣ  ᠨᠢ ᠨᠣᠬᠠᠢ ᠵᠢ ᠢᠳᠡᠵᠣ ᠪᠠᠷᠠᠬᠣ ᠪᠠᠷ ᠂ ᠨᠣᠬᠠᠢ  ᠨᠢ ᠪᠣᠭᠣ ᠵᠢ ᠰᠢᠬᠠᠨ ᠬᠣᠷᠢᠵᠣ ᠮᠠᠳᠯᠠᠬᠣ ᠪᠠᠷ ᠲᠤᠰ ᠲᠤᠰ ᠵᠣᠷᠢᠯᠭ᠎ᠠ ᠪᠣᠯᠭᠠᠭᠰᠠᠨ ᠲᠣᠭᠯᠠᠭᠠᠮ  ᠢ ᠪᠣᠭᠣ ᠨᠠᠭᠠᠳᠣᠮ ᠭᠡᠨ᠎ᠡ ᠃ ᠠᠬᠦᠨ  ᠢ ᠪᠠᠰᠠ ᠪᠣᠭᠣ ᠲᠠᠯᠪᠢᠬᠣ ᠂ ᠪᠣᠭᠣ ᠬᠣᠷᠢᠬᠣ ᠂ ᠪᠠᠷᠰ ᠵᠢᠷᠬᠢᠭᠡ ᠂ ᠬᠣᠨᠢᠴᠢᠨ ᠰᠢᠳᠠᠷ᠎ᠠ ᠭᠡᠳᠡᠭ ᠃ ᠪᠣᠭᠣ ᠵᠢᠷᠬᠢᠭᠡ ᠵᠢᠨ ᠲᠥᠷᠥᠯ ᠵᠦᠢᠯ ᠣᠯᠠᠨ ᠶᠠᠩᠵᠣ ᠪᠠᠶᠢᠳᠠᠭ ᠃ ᠲᠡᠬᠦᠨ  ᠢ ᠠᠭᠣᠯᠠ ᠪᠠᠷ  ᠨᠢ ᠬᠡᠳᠦᠨ ᠠᠭᠣᠯᠠ ᠲ᠋ᠠᠢ ᠪᠣᠭᠣ ᠵᠢᠷᠬᠢᠭᠡ ᠭᠡᠳᠡᠭ ᠂ ᠪᠠᠰᠠ ᠨᠣᠬᠠᠢ ᠪᠠᠷ  ᠨᠢ ᠬᠡᠳᠦᠨ ᠨᠣᠬᠠᠢ  ᠲᠠᠢ ᠪᠣᠭᠣ ᠵᠢᠷᠭᠢᠭᠡ ᠪᠣᠶᠣ ᠪᠣᠭᠣ ᠪᠠᠷ  ᠨᠢ ᠬᠡᠳᠦᠨ ᠪᠣᠭᠣ  ᠲᠠᠢ ᠪᠣᠭᠣ ᠵᠢᠷᠬᠢᠭᠡ ᠭᠡᠳᠡᠭ ᠃ ᠪᠣᠭᠣ ᠵᠢᠷᠬᠢᠭᠡ  ᠳᠤ ᠶᠡᠷᠦ ᠳ᠋ᠡᠭᠡᠨ ᠬᠣᠷᠢᠨ ᠳᠥᠷᠪᠡ ᠨᠠᠭᠠᠳᠬᠣ ᠂ ᠳᠥᠴᠢᠨ ᠨᠠᠢᠮᠠ  ᠨᠠᠭᠠᠳᠬᠣ ᠂ ᠵᠢᠷᠠᠨ ᠳᠥᠷᠪᠡ ᠨᠠᠭᠠᠳᠬᠣ ᠂ ᠶᠡᠷᠡᠨ ᠵᠢᠷᠭᠣᠭ᠎ᠠ ᠨᠠᠭᠠᠳᠬᠣ ᠭᠡᠵᠣ ᠪᠠᠶᠢᠳᠠᠭ ᠃ ᠲᠤᠬᠠᠶᠢᠯᠠᠪᠠᠯ ᠬᠡᠳᠦᠨ ᠠᠭᠣᠯᠠ  ᠲᠠᠢ ᠪᠣᠯ ᠬᠡᠳᠦᠨ ᠪᠣᠭᠣ ᠂ ᠪᠣᠭᠣ ᠪᠦᠷᠢ  ᠳᠤ ᠨᠡᠶᠢᠳᠡ 12 ᠨᠣᠬᠠᠢ ᠣᠨᠣᠭᠳᠠᠨ᠎ᠠ ᠃ ᠪᠣᠭᠣ ᠵᠢᠷᠭᠢᠭᠡ  ᠳᠤ ᠪᠣᠭᠣ ᠨᠣᠬᠠᠢ ᠵᠢᠨ ᠲᠤᠭᠠᠨ  ᠳᠠᠭᠠᠨ ᠲᠣᠬᠢᠷᠠᠭᠰᠠᠨ ᠬᠥᠯᠭᠡ ᠬᠡᠷᠡᠭᠰᠡᠳᠡᠭ ᠃

ᠳᠣᠣᠷ᠎ᠠ ᠪᠣᠭᠣ ᠨᠠᠭᠠᠳᠣᠮ  ᠤᠨ ᠨᠢᠭᠡᠨ ᠨᠡᠶᠢᠳᠡᠯᠢᠭ ᠲᠥᠷᠥᠯ ᠪᠣᠯᠬᠣ ᠬᠣᠷᠢᠨ ᠳᠥᠷᠪᠡᠨ ᠪᠣᠭᠣ ᠵᠢ ᠲᠠᠨᠢᠯᠴᠠᠭᠣᠯᠣᠶ᠎ᠠ ᠃

untitled

ᠬᠣᠷᠢᠨ ᠳᠥᠷᠪᠡᠨ ᠪᠣᠭᠣ ᠵᠢᠨ ᠬᠥᠯᠭᠡ  ᠨᠢ ᠬᠥᠨᠳᠡᠯᠡᠨ ᠲᠠᠪᠣᠨ ᠵᠢᠷᠣᠭᠠᠰᠣ ᠂ ᠭᠣᠯᠳᠣ ᠲᠠᠪᠣᠨ ᠵᠢᠷᠣᠭᠠᠰᠣ ᠂ ᠵᠢᠰᠢᠬᠦᠦ ᠪᠠᠷ ᠵᠢᠷᠭᠣᠭᠠᠨ ᠵᠢᠷᠣᠭᠠᠰᠣ ᠪᠦᠭᠦᠢ ᠲᠣᠮᠣ ᠳᠥᠷᠪᠡᠯᠵᠢᠨ ᠪᠣᠯᠣᠨ ᠬᠣᠶᠠᠷ ᠠᠭᠣᠯᠠ ᠪᠠᠷ ᠪᠦᠷᠢᠯᠳᠦᠳᠡᠭ ᠃ ᠡᠭᠦᠨ  ᠳᠦ  ᠵᠠᠷᠢᠮ ᠨᠣᠳᠣᠭ  ᠲᠤ ᠬᠣᠶᠠᠷ ᠠᠭᠣᠯᠠ ᠵᠢ ᠬᠠᠷᠢᠯᠴᠠᠨ ᠣᠨᠳᠣᠣ ᠵᠢᠷᠣᠵᠣ ᠂ ᠱᠣᠷᠣᠯᠵᠢᠨ ᠣᠷᠣᠢ  ᠲᠠᠢ ᠵᠢ  ᠨᠢ ᠮᠣᠩᠭᠣᠯ ᠠᠭᠣᠯᠠ ᠭᠡᠵᠣ ᠂ ᠲᠡᠭᠰᠢ ᠣᠷᠣᠢ  ᠲᠠᠢ ᠵᠢ  ᠨᠢ ᠲᠠᠩᠭᠣᠳ ᠠᠭᠣᠯᠠ ᠭᠡᠳᠡᠭ ᠃ ᠮᠣᠩᠭᠣᠯ ᠠᠭᠣᠯᠠᠨ  ᠳᠤ ᠳᠥᠷᠪᠡᠨ ᠪᠠᠭᠣᠳᠠᠯ  ᠲᠠᠢ ᠂ ᠲᠠᠩᠭᠣᠳ ᠠᠭᠣᠯᠠᠨ  ᠳᠤ ᠵᠢᠷᠭᠣᠭᠠᠨ ᠪᠠᠭᠣᠳᠠᠯ  ᠲᠠᠢ ᠃ ᠠᠶᠢᠮᠦ ᠬᠥᠯᠭᠡ  ᠨᠢ 35 ᠰᠠᠭᠣᠳᠠᠯ  ᠲᠠᠢ ᠪᠠᠶᠢᠳᠠᠭ ᠃ ᠲᠤᠰ ᠨᠠᠭᠠᠳᠣᠮ  ᠳᠤ ᠱᠠᠭ᠎ᠠ ᠂ ᠴᠢᠯᠠᠭᠣ ᠂ ᠮᠣᠳᠣ ᠵᠡᠷᠭᠡ ᠪᠠᠷ ᠪᠤᠭᠤ ᠪᠣᠯᠣᠨ ᠨᠣᠬᠠᠢ ᠵᠢ ᠣᠷᠣᠯᠠᠭᠣᠯᠣᠨ ᠨᠠᠭᠠᠳᠳᠠᠭ ᠃

ᠨᠠᠭᠠᠳᠣᠮ  ᠳᠤ ᠬᠣᠶᠠᠷ ᠬᠦᠮᠦᠨ ᠣᠷᠣᠯᠴᠠᠵᠣ ᠂ ᠨᠢᠭᠡ  ᠨᠢ ᠬᠣᠶᠠᠷ ᠪᠣᠭᠣ ᠂ ᠨᠥᠭᠥᠭᠡ  ᠨᠢ ᠬᠣᠷᠢᠨ ᠳᠥᠷᠪᠡᠨ ᠨᠣᠬᠠᠢ ᠵᠢ ᠬᠣᠪᠢᠳᠠᠨ ᠠᠪᠣᠨ᠎ᠠ ᠃ ᠨᠠᠭᠠᠳᠣᠮ ᠡᠬᠢᠯᠡᠬᠦ   ᠡᠴᠡ ᠠᠮᠦᠨ᠎ᠡ ᠨᠣᠬᠠᠢ ᠵᠢ ᠠᠪᠣᠭᠰᠠᠨ ᠬᠦᠮᠦᠨ ᠬᠥᠯᠭᠡᠨ  ᠤ ᠭᠣᠣᠯ  ᠢ  ᠨᠢ ᠲ᠋ᠣᠭᠣᠷᠢᠭᠰᠠᠨ ᠨᠠᠢᠮᠠᠨ  ᠰᠠᠭᠣᠳᠠᠯ ᠳᠡᠭᠡᠷ᠎ᠡ ᠨᠣᠬᠠᠢ ᠪᠠᠨ ᠪᠠᠶᠢᠷᠢᠯᠠᠭᠣᠯᠵᠣ ᠂ ᠪᠣᠭᠣ ᠵᠢ ᠠᠪᠣᠭᠰᠠᠨ ᠬᠦᠮᠦᠨ ᠬᠣᠶᠠᠷ ᠠᠭᠣᠯᠠ ᠵᠢᠨ ᠠᠮᠠᠨ  ᠳᠤ ᠪᠣᠭᠣ ᠪᠠᠨ ᠪᠠᠶᠢᠷᠢᠯᠠᠭᠣᠯᠣᠨ᠎ᠠ ᠃ ᠳᠠᠷᠠᠭ᠎ᠠ  ᠨᠢ ᠪᠣᠭᠣ ᠵᠢ ᠠᠪᠣᠭᠰᠠᠨ ᠲᠠᠯ᠎ᠠ  ᠡᠴᠡ ᠪᠤᠭᠤ ᠪᠠᠨ ᠰᠢᠯᠵᠢᠭᠦᠯᠵᠣ ᠨᠠᠭᠠᠳᠣᠮ ᠡᠬᠢᠯᠡᠳᠡᠭ  ᠃ ᠪᠣᠭᠣ ᠨᠣᠬᠠᠢ ᠵᠢᠨ ᠳᠡᠭᠡᠭᠦᠷ ᠦᠰᠦᠷᠴᠦ ᠢᠳᠡᠳᠡᠭ ᠃ ᠭᠡᠬᠦ ᠳ᠋ᠡᠭᠡᠨ ᠪᠤᠭᠤ ᠵᠥᠪᠭᠡᠨ ᠭᠠᠭᠴᠠ ᠪᠠᠷ ᠪᠠᠶᠢᠷᠢᠯᠠᠵᠣ ᠪᠠᠶᠢᠭ᠎ᠠ ᠨᠣᠬᠠᠢ ᠵᠢᠨ ᠳᠡᠭᠡᠬᠦᠷ ᠦᠰᠦᠷᠴᠦ ᠪᠣᠯᠳᠠᠭ ᠃ ᠥᠭᠡᠷ᠎ᠡ ᠪᠠᠷ ᠬᠡᠯᠡᠪᠡᠯ ᠬᠣᠶᠠᠷ  ᠡᠴᠡ ᠢᠯᠡᠬᠦᠦ ᠨᠣᠬᠠᠢ ᠵᠡᠷᠭᠡᠴᠡᠵᠣ ᠪᠠᠶᠢᠭ᠎ᠠ ᠲᠣᠬᠢᠶᠠᠯᠳᠣᠯ  ᠳᠤ ᠪᠤᠭᠤ ᠨᠣᠬᠠᠢ ᠵᠢᠨ ᠳᠡᠭᠡᠭᠦᠷ ᠦᠰᠦᠷᠴᠦ ᠪᠣᠯᠳᠠᠭ ᠦᠭᠡᠢ ᠶᠤᠮ ᠃ ᠬᠡᠷᠪᠡ ᠪᠣᠭᠣ ᠨᠣᠬᠠᠢ ᠵᠢ ᠢᠳᠡᠬᠦ ᠦᠭᠡᠢ ᠪᠣᠯ ᠵᠥᠪᠭᠡᠨ ᠨᠢᠭᠡ ᠨᠢᠭᠡ ᠰᠠᠭᠣᠳᠠᠯ  ᠢᠶᠡᠷ  ᠰᠢᠯᠵᠢᠬᠦ ᠪᠥᠭᠡᠳ ᠪᠣᠭᠣ ᠨᠢᠭᠡ ᠬᠥᠳᠡᠯᠪᠡᠯ ᠨᠣᠬᠠᠢ ᠪᠠᠷᠢᠭᠰᠠᠨ ᠬᠥᠮᠦᠨ ᠠᠯᠢ ᠵᠣᠬᠢᠰᠳᠠᠢ ᠭᠡᠰᠡᠨ ᠰᠠᠭᠣᠳᠠᠯ  ᠳᠤ ᠨᠣᠬᠠᠢ ᠪᠠᠨ ᠲᠠᠯᠪᠢᠵᠣ ᠪᠣᠭᠣ ᠵᠢ ᠬᠠᠰᠢᠨ᠎ᠠ ᠃ ᠡᠨᠡ  ᠮᠡᠳᠦ ᠪᠠᠷ ᠨᠣᠬᠠᠢ ᠪᠠᠷᠢᠭᠴᠢ ᠬᠥᠮᠦᠨ 24 ᠨᠣᠬᠠᠢ ᠪᠠᠨ ᠪᠦᠬᠦᠨ  ᠢ ᠬᠥᠯᠭᠡᠨ ᠳᠡᠭᠡᠷ᠎ᠡ ᠲᠠᠯᠪᠢᠵᠣ ᠪᠠᠷᠠᠭᠰᠠᠨ  ᠤ ᠳᠠᠷᠠᠭ᠎ᠠ ᠂ ᠨᠣᠬᠠᠢ ᠪᠠᠨ ᠨᠢᠭᠡ ᠨᠢᠭᠡ ᠰᠠᠭᠣᠳᠠᠯ  ᠢᠶᠡᠷ  ᠰᠢᠯᠵᠢᠭᠦᠯᠵᠣ ᠂ ᠪᠣᠭᠣ ᠵᠢ ᠬᠠᠰᠢᠬᠣ ᠪᠠᠷ ᠴᠢᠷᠮᠠᠶᠢᠳᠠᠭ ᠃

ᠨᠠᠭᠠᠳᠣᠮ  ᠤᠨ ᠳ᠋ᠦᠩ  ᠢ ᠲᠣᠳᠣᠷᠠᠭᠣᠯᠬᠣ  ᠳᠤ ᠂ ᠬᠣᠶᠠᠷ ᠪᠤᠭᠤ  ᠨᠢ 24 ᠨᠣᠬᠠᠢ ᠵᠢ ᠢᠳᠡᠵᠣ ᠳᠡᠶᠢᠯᠪᠡᠯ ᠪᠤᠭᠤ ᠪᠠᠷᠢᠭᠴᠢ ᠱᠦᠭᠦᠨ᠎ᠡ ᠃ᠡᠰᠡᠷᠭᠦ  ᠪᠠᠷ 24 ᠨᠣᠬᠠᠢ  ᠨᠢ ᠬᠣᠶᠠᠷ ᠪᠣᠭᠣ ᠵᠢ ᠬᠠᠰᠢᠵᠣ ᠳᠡᠶᠢᠯᠪᠡᠯ ᠨᠣᠬᠠᠢ ᠪᠠᠷᠢᠭᠴᠢ ᠬᠦᠮᠦᠨ ᠱᠦᠭᠦᠳᠡᠭ ᠪᠠᠶᠢᠨ᠎ᠠ ᠃

32

 

 

 

 

ᠰᠢᠭᠦᠮᠵᠢ