• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠡᠷ ᠪᠠᠷᠢᠬᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

ᠮᠣᠩᠭᠣᠯ ᠠᠶᠢᠯ  ᠤᠨ ᠠᠵᠢᠯ ᠦᠢᠯᠡ ᠵᠢ ᠵᠠᠭᠪᠣᠷᠴᠢᠯᠠᠨ ᠭᠡᠷ ᠡᠷᠦᠬᠡ  ᠪᠣᠯᠣᠯᠴᠠᠨ ᠨᠠᠭᠠᠳᠳᠠᠭ ᠬᠡᠦᠭᠡᠳ  ᠤᠨ ᠲᠣᠭᠯᠠᠭᠠᠮ ᠃ ᠡᠬᠦᠨ  ᠢ ᠪᠠᠰᠠ ᠴᠢᠯᠠᠭᠣᠨ ᠭᠡᠷ ᠪᠠᠷᠢᠬᠣ ᠭᠡᠬᠦ ᠪᠤᠶᠤ ᠠᠶᠢᠯᠴᠠᠬᠤ ᠭᠡᠳᠡᠭ ᠃ ᠣᠯᠠᠨ ᠬᠡᠦᠭᠡᠳ ᠣᠷᠣᠯᠴᠠᠨ ᠬᠦᠦ ᠦᠬᠢᠨ ᠬᠠᠮᠳᠣ ᠪᠠᠷ ᠨᠠᠭᠠᠳᠴᠤ ᠪᠣᠯᠳᠠᠭ ᠃ ᠬᠡᠦᠬᠡᠳ  ᠦᠳ  ᠴᠢᠯᠠᠭᠣ ᠲᠣᠭᠣᠰᠬ᠎ᠠ ᠂ ᠡᠯᠡᠰᠦ  ᠬᠣᠮᠠᠭ  ᠢᠶᠡᠷ  ᠬᠡᠷ ᠡᠷᠦᠬᠡ  ᠂ ᠠᠶᠢᠯ ᠪᠠᠭᠣᠴᠠ ᠶᠠᠩᠵᠣᠯᠠᠨ ᠵᠣᠬᠢᠶᠠᠵᠣ ᠮᠣᠳᠣ ᠴᠢᠯᠠᠭᠣ ᠂ ᠸᠠᠭᠠᠷ ᠂ ᠱᠠᠵᠠᠩ  ᠤᠨ ᠬᠡᠯᠳᠡᠷᠭᠡᠢ ᠵᠡᠷᠭᠡ ᠵᠢ ᠡᠪ ᠳᠦᠢ ᠳ᠋ᠣᠨᠢ ᠲᠣᠬᠢᠷᠠᠭᠣᠯᠵᠣ ᠠᠪᠳᠠᠷ᠎ᠠ ᠬᠣᠷᠭᠣ ᠂ ᠠᠶᠠᠭ᠎ᠠ ᠲᠠᠪᠠᠭ ᠂ ᠲᠣᠭᠣᠭ᠎ᠠ ᠰᠢᠨᠠᠭ᠎ᠠ ᠂ ᠡᠳ᠋ᠯᠡᠯ  ᠬᠡᠷᠡᠭᠯᠡᠯ  ᠤᠨ ᠵᠦᠢᠯ ᠪᠣᠯᠭᠠᠨ ᠠᠶᠢᠯ ᠠᠮᠢᠳᠣᠷᠠᠯ  ᠤᠨ ᠬᠡᠪ ᠵᠠᠭᠪᠣᠷ  ᠢᠶᠡᠷ  ᠲᠠᠭᠣᠷᠢᠶᠠᠨ ᠥᠷᠥᠨ᠎ᠡ ᠃ ᠵᠢᠵᠢᠭ ᠴᠠᠭᠠᠨ ᠴᠢᠯᠠᠭᠣᠳ  ᠢ ᠬᠣᠨᠢ ᠢᠮᠠᠭ᠎ᠠ ᠪᠣᠯᠭᠠᠵᠣ ᠭᠡᠷ  ᠤᠨ ᠬᠠᠪᠢ ᠲᠥᠰᠥᠷ ᠠᠰᠬᠠᠨ ᠰᠠᠴᠣᠭᠠᠳ ᠪᠣᠰᠣᠳ ᠴᠢᠯᠠᠭᠣ ᠪᠤᠶᠤ ᠥᠭᠡᠷ᠎ᠡ ᠪᠣᠳᠠᠰ  ᠢ ᠥᠩᠭᠡ ᠲᠦᠷᠰᠦ ᠳ᠋ᠣᠨᠢ ᠨᠡᠶᠢᠴᠡᠭᠦᠯᠦᠨ ᠲᠡᠮᠡᠭᠡ ᠂ ᠦᠭᠡᠷ ᠂ ᠠᠳᠣᠭᠣ ᠭᠡᠬᠦ ᠪᠥᠭᠡᠳ ᠤᠶᠠᠭ᠎ᠠ ᠱᠣᠩ ᠂ ᠬᠣᠷᠣᠭ᠎ᠠ ᠬᠠᠰᠢᠶ᠎ᠠ ᠵᠡᠷᠭᠡ ᠵᠢ ᠴᠣ ᠵᠦᠭ᠍ ᠵᠦᠭ ᠲᠣᠨᠢ ᠪᠠᠶᠢᠷᠢᠯᠠᠭᠣᠯᠳᠠᠭ ᠃ ᠲᠡᠭᠡᠭᠡᠳ ᠨᠠᠰᠣ ᠪᠠᠷ ᠠᠬᠠᠮᠠᠳ ᠂ ᠣᠢ ᠲᠦᠢ  ᠲᠠᠢ ᠬᠣᠶᠠᠷ ᠬᠡᠦᠭᠡᠳ ( ᠶᠡᠷᠥᠩᠬᠡᠢ ᠳ᠋ᠡᠭᠡᠨ ᠨᠢᠭᠡ ᠬᠦᠦ ᠨᠢᠭᠡ ᠥᠬᠢᠨ )  ᠨᠢ ᠭᠡᠷ  ᠤᠨ ᠡᠵᠡᠨ ᠬᠢᠭᠡᠳ ᠡᠵᠡᠭᠳᠡᠢ ᠪᠤᠶᠤ ᠡᠪᠦᠭᠡᠨ ᠠᠮᠡᠭᠡᠨ ᠪᠣᠯᠵᠣ ᠂ ᠪᠣᠰᠣᠳ  ᠨᠢ ᠬᠦᠦ ᠪᠡᠷᠢ ᠂ ᠠᠴᠢ ᠵᠢᠴᠢ ᠂ ᠬᠡᠦᠭᠡᠳ ᠰᠢᠦᠬᠠᠳ ᠪᠣᠯᠣᠯᠴᠠᠨ ᠰᠤᠯᠠ ᠬᠦᠮᠦᠨ ᠦᠭᠡᠢ ᠪᠦᠭᠦᠳᠡ ᠠᠶᠢᠯ ᠠᠮᠢᠳᠣᠷᠠᠯ  ᠤᠨ ᠶᠣᠰᠣᠭᠠᠷ ᠨᠠᠭᠠᠳᠣᠨ᠎ᠠ ᠃ ᠪᠠᠰᠠ ᠨᠢᠭᠡ ᠪᠤᠶᠤ ᠬᠡᠳᠦᠨ ᠬᠡᠦᠭᠡᠳ ᠭᠡᠶᠢᠴᠢᠨ ᠵᠣᠴᠢᠨ ᠂ ᠠᠶᠠᠨᠴᠢᠨ ᠪᠠᠳᠢᠷᠴᠢᠨ ᠪᠣᠯᠵᠣ ᠢᠷᠡᠭᠡᠳ ᠄ ︽ ᠵᠠ ᠂ ᠲᠠᠷᠭᠣᠨ ᠲᠠᠪᠠᠳᠠᠢ ᠰᠠᠭᠣᠵᠠᠭᠠᠨ᠎ᠠ ᠤᠤ ︖ ᠮᠠᠯ ᠤᠰᠤ ᠥᠭᠡᠳᠡ ᠂ ᠠᠶᠢᠯ ᠬᠣᠳᠠᠯᠠᠭᠠᠷ ᠮᠡᠨᠳᠦ ᠤᠤ ︖ ︾ ᠭᠡᠬᠦ ᠮᠡᠳᠦᠴᠢᠯᠡᠨ ᠶᠡᠭᠡᠴᠣᠣᠯ  ᠤᠨ ᠵᠠᠩ ᠠᠪᠤᠷᠢ ᠵᠢ ᠳᠠᠭᠣᠷᠢᠶᠠᠨ ᠥᠭᠦᠯᠡᠬᠦ  ᠳᠤ ᠪᠥᠭᠦ ᠭᠡᠷ  ᠢᠶᠡᠷ  ᠶᠡᠭᠡ ᠯᠠ ᠬᠥᠯ ᠬᠥᠭᠵᠢᠶᠡᠨ ᠪᠣᠯᠵᠣ ᠭᠡᠶᠢᠴᠢᠨ ᠳ᠋ᠡᠭᠡᠨ ᠴᠠᠢ ᠂ ᠲᠠᠮᠠᠬᠢ ᠪᠠᠷᠢᠵᠣ ᠮᠠᠰᠢ ᠬᠦᠨᠳᠦᠯᠡᠨ ᠵᠣᠴᠢᠯᠠᠭᠰᠠᠨ ᠪᠣᠯᠵᠣ ᠵᠠᠩᠨᠠᠳᠠᠭ ᠃ ᠣᠳᠣ ᠪᠣᠯᠬᠣ  ᠳᠤ ᠵᠠᠷᠢᠮ ᠭᠠᠵᠠᠷ  ᠤᠨ ᠬᠡᠦᠭᠡᠳ ᠪᠠᠰᠠ ᠪᠠᠭᠰᠢ ᠂ ᠺᠠᠳᠠᠷ ᠂ ᠴᠡᠷᠢᠭ ᠡᠷ᠎ᠡ ᠂ ᠬᠣᠯᠠ ᠶᠠᠪᠣᠭᠰᠠᠨ ᠣᠶᠤᠳᠠᠨ ᠁ ᠠᠶᠢᠯᠴᠢᠯᠠᠭᠰᠠᠨ ᠪᠣᠯᠵᠣ ᠨᠠᠭᠠᠳᠳᠠᠭ ᠃ ᠬᠠᠯᠬ᠎ᠠ ᠣᠷᠣᠨ  ᠳᠤ ᠠᠷᠪᠠᠨ ᠬᠣᠶᠠᠷ ᠵᠢᠯ  ᠤᠨ ᠠᠮᠢᠳᠠᠨ ᠪᠦᠷᠢ ᠵᠢ ᠳᠥᠷᠪᠡ ᠳᠥᠷᠪᠡ ᠪᠠᠷ ᠵᠢᠷᠣᠵᠣ ᠰᠡᠶᠢᠯᠦᠭᠰᠡᠨ ᠮᠣᠳᠣ ᠵᠢ ᠬᠣᠯᠢᠭᠠᠳ ᠭᠡᠷ ᠪᠠᠷᠢᠬᠣ ᠨᠠᠭᠠᠳᠣᠮ  ᠤᠨ ᠵᠢᠷᠣᠮ ᠢᠶᠡᠷ  ᠨᠠᠭᠠᠳᠳᠠᠭ ᠴᠣ ᠪᠤᠢ ᠃ ᠭᠡᠷ ᠪᠠᠷᠢᠬᠣ ᠪᠣᠯ ᠮᠣᠩᠭᠣᠯ ᠣᠷᠣᠨ  ᠳᠤ ᠲᠦᠭᠡᠮᠡᠯ ᠳᠡᠯᠭᠡᠷᠡᠭᠰᠡᠨ ᠬᠡᠦᠭᠡᠳ  ᠤᠨ ᠤᠯᠠᠮᠵᠢᠯᠠᠯᠳᠣ ᠨᠠᠭᠠᠳᠣᠮ ᠶᠤᠮ ᠃ ᠬᠡᠳᠦᠶᠢᠪᠡᠷ ᠬᠢᠳᠠᠳ ᠵᠡᠷᠭᠡ ᠪᠤᠰᠣᠳ ᠦᠨᠳᠦᠰᠦᠳᠡᠨ  ᠤ ᠳᠣᠮᠳᠠ ᠴᠣ ᠡᠨᠡ  ᠰᠢᠨᠵᠢ ᠵᠢᠨ ᠨᠠᠭᠠᠳᠣᠮ ᠦᠢᠯᠡ ᠥᠷᠭᠡᠨ ᠬᠠᠷᠠᠭᠳᠠᠳᠠᠭ ᠴᠣ ᠮᠣᠩᠭᠣᠯ ᠬᠡᠦᠭᠡᠳ  ᠤᠨ ᠭᠡᠷ ᠪᠠᠷᠢᠬᠣ ᠨᠠᠭᠠᠳᠣᠮ  ᠳᠤ ᠮᠣᠩᠭᠣᠯ ᠣᠷᠣᠨ ᠂ ᠮᠣᠩᠭᠣᠯ ᠦᠨᠳᠦᠰᠦᠳᠡᠨ  ᠤ ᠥᠪᠡᠷᠮᠢᠴᠡ ᠠᠮᠢᠳᠣᠷᠠᠯ ᠠᠬᠤᠢ ᠂ ᠵᠠᠩ ᠳᠠᠳᠬᠠᠯ ᠂ ᠦᠵᠡᠯ ᠰᠡᠳᠬᠢᠭᠦᠢ ᠪᠠ ᠰᠣᠶᠣᠯ ᠪᠣᠯᠪᠠᠰᠣᠷᠠᠯ  ᠤᠨ ᠣᠨᠴᠠᠯᠢᠭ ᠰᠢᠨᠵᠢ ᠭᠦᠨᠵᠡᠭᠡᠢ ᠰᠢᠩᠭᠡᠵᠣ ᠪᠠᠶᠢᠭ᠎ᠠ ᠶᠤᠮ ᠃ ᠮᠣᠩᠭᠣᠯᠴᠣᠳ ᠡᠷᠲᠡ  ᠢᠵᠠᠭᠣᠷ  ᠡᠴᠡ ᠠᠪᠣᠭᠠᠳ ᠬᠡᠦᠭᠡᠳ  ᠢᠶᠡᠨ  ᠰᠤᠷᠭᠠᠨ ᠬᠥᠮᠦᠵᠢᠭᠦᠯᠬᠦ ᠵᠢ ᠣᠨᠴᠠᠯᠠᠨ ᠠᠩᠬᠠᠷᠴᠣ ᠬᠠᠷ᠎ᠠ ᠪᠠᠭ᠎ᠠ  ᠡᠴᠡ  ᠨᠢ ᠠᠵᠢᠯ ᠠᠮᠢᠳᠣᠷᠠᠯ  ᠤᠨ ᠠᠯᠢᠪᠠ ᠦᠢᠯᠡ  ᠳᠤ ᠰᠤᠷᠭᠠᠨ ᠲᠠᠳᠮᠠᠭᠠᠶᠢᠷᠠᠭᠣᠯᠣᠨ ᠡᠷᠲᠡ ᠡᠳᠦᠷ  ︽ ᠭᠠᠷ  ᠢ  ᠨᠢ ᠭᠠᠨᠵᠣᠭᠠᠨ  ᠳᠤ ᠂ ᠬᠥᠯ  ᠢ  ᠨᠢ ᠲᠥᠷᠥᠭᠡᠨ  ᠳᠤ ︾ ᠬᠦᠷᠭᠡᠬᠦ ᠵᠢ ᠵᠣᠷᠢᠳᠠᠭ ᠃ ᠡᠶᠢᠮᠦ   ᠡᠴᠡ ᠮᠣᠩᠭᠣᠯ ᠣᠷᠣᠨ  ᠤ ᠬᠡᠦᠭᠡᠳ ᠪᠠᠭᠠᠴᠣᠳ ᠬᠠᠷᠠᠬᠠᠨ ᠪᠠᠭ᠎ᠠ  ᠡᠴᠡ ᠪᠠᠨ ᠠᠵᠣ ᠠᠮᠢᠳᠣᠷᠠᠯ ᠂ ᠠᠵᠢᠯ ᠬᠥᠳᠡᠯᠮᠥᠷᠢ ᠵᠢᠨ ᠦᠢᠯᠡ ᠵᠢᠷᠣᠮ  ᠳᠤ ᠴᠠᠭᠠᠷᠠᠨ ᠰᠤᠷᠭᠠᠯᠵᠢᠭᠰᠠᠨ ᠪᠠᠶᠢᠳᠠᠭ ᠃ ᠭᠡᠷ ᠪᠠᠷᠢᠬᠣ ᠨᠠᠭᠠᠳᠣᠮ ᠪᠣᠯ ᠬᠥᠳᠡᠭᠡ ᠵᠢᠨ ᠬᠡᠦᠭᠡᠳ  ᠤᠨ ᠦᠰᠦᠭ ᠦᠭᠡᠢ ᠰᠤᠷᠬᠣ ᠪᠢᠴᠢᠭ ᠪᠠᠶᠢᠭ᠎ᠠ ᠶᠤᠮ ᠃ ᠵᠠᠷᠢᠮ ᠨᠣᠳᠣᠭ  ᠲᠤ ᠡᠪᠦᠭᠡᠳ ᠪᠣᠭᠣᠷᠣᠯᠴᠣᠳ ᠬᠡᠦᠭᠡᠳ  ᠤᠨ ᠭᠡᠷ  ᠤᠨ ᠵᠠᠬ᠎ᠠ ᠪᠠᠷ ᠭᠠᠷᠬᠣ  ᠳᠠᠭᠠᠨ ᠶᠡᠷᠦ  ᠨᠢ ︽ ᠬᠣᠷᠣᠢ ᠂ ᠬᠣᠷᠣᠢ ︕ ︾ ᠭᠡᠵᠣ ᠥᠭᠡᠳᠡ ᠡᠰᠡᠷᠡᠭ  ᠪᠣᠯᠬᠣ ᠵᠢ  ᠨᠢ ᠥᠭᠦᠭᠡᠷᠳᠡᠨ ᠵᠦᠩᠨᠡᠳᠡᠭ᠃

( ︽ ᠮᠣᠩᠭᠣᠯ ᠵᠠᠩ ᠦᠢᠯᠡ ᠵᠢᠨ ᠨᠡᠪᠳᠡᠷᠡᠭᠡᠢ ᠲᠣᠯᠢ ) ᠨᠣᠮ  ᠡᠴᠡ )

 

ᠰᠢᠭᠦᠮᠵᠢ