• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠩᠭᠣᠯ ᠰᠢᠳᠠᠷ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

 

ᠮᠣᠩᠭᠣᠯ ᠰᠢᠳᠠᠷ᠎ᠠ ᠪᠣᠯ ᠬᠣᠶᠠᠷ ᠬᠦᠮᠦᠨ ᠲᠣᠭᠯᠠᠳᠠᠭ ᠤᠯᠠᠮᠵᠢᠯᠠᠯᠳᠣ ᠬᠥᠯᠭᠡᠳᠦ ᠨᠠᠭᠠᠳᠣᠮ  ᠤᠨ ᠨᠢᠭᠡᠨ ᠵᠦᠢᠯ ᠶᠤᠮ ᠃ ᠮᠣᠩᠭᠣᠯ ᠰᠢᠳᠠᠷ᠎ᠠ ᠵᠢᠨ ᠡᠭᠦᠰᠦᠭᠰᠡᠨ  ᠴᠠᠭ ᠬᠣᠭᠣᠴᠠᠭᠠᠨ  ᠤ ᠲᠤᠬᠠᠢ ᠡᠷᠳᠡᠮᠲᠡᠳ  ᠠᠳᠠᠯᠢ ᠪᠣᠰᠣ ᠦᠵᠡᠯᠳᠡ  ᠲᠠᠢ ᠪᠠᠶᠢᠳᠠᠭ ᠃ ᠵᠠᠷᠢᠮ  ᠨᠢ 1400 ᠭᠠᠷᠣᠢ ᠵᠢᠯ  ᠤᠨ ᠲᠡᠦᠭᠡ  ᠲᠠᠢ ᠬᠡᠮᠡᠨ ᠦᠵᠡᠵᠣ ᠪᠠᠶᠢᠬᠣ  ᠳᠤ ᠵᠠᠷᠢᠮ  ᠨᠢ 1800 ᠭᠠᠷᠣᠢ ᠵᠢᠯ  ᠤᠨ ᠲ᠋ᠡᠦᠭᠡ  ᠲᠠᠢ ᠭᠡᠵᠣ ᠦᠵᠡᠳᠡᠭ ᠃ ᠰᠢᠳᠠᠷ᠎ᠠ ᠨᠠᠭᠠᠳᠬᠣ ᠵᠢ ᠰᠢᠳᠠᠷ᠎ᠠ ᠥᠷᠥᠭᠦ ᠂ ᠰᠢᠳᠠᠷ᠎ᠠ ᠲᠠᠯᠪᠢᠬᠣ ᠭᠡᠳᠡᠭ ᠃

 

untitled

 

ᠮᠣᠩᠭᠣᠯ ᠰᠢᠳᠠᠷ᠎ᠠ ᠵᠢᠨ ᠪᠥᠳᠦᠴᠡ ᠪᠦᠷᠢᠯᠳᠦᠯ

 

1

 

ᠰᠢᠳᠠᠷ᠎ᠠ ᠵᠢᠨ ᠬᠥᠯᠭᠡ ᠄ ᠰᠢᠳᠠᠷ᠎ᠠ ᠵᠢᠨ ᠬᠥᠯᠭᠡ  ᠨᠢ ᠬᠠᠷ᠎ᠠ ᠴᠠᠭᠠᠨ ᠬᠣᠶᠠᠷ ᠥᠩᠭᠡ ᠵᠢᠨ 64 ᠵᠢᠵᠢᠭ ᠳᠥᠷᠪᠡᠯᠵᠢᠨ  ᠢᠶᠡᠷ  ᠪᠦᠷᠢᠯᠳᠦᠳᠡᠭ ᠃

ᠰᠢᠳᠠᠷ᠎ᠠ ᠵᠢᠨ ᠪᠣᠳᠠ ᠬᠦᠦ ᠄ ᠰᠢᠳᠠᠷ᠎ᠠ ᠵᠢᠨ ᠪᠣᠳᠠ ᠬᠦᠦ ᠨᠡᠶᠢᠳᠡ ᠭᠣᠴᠢᠨ ᠬᠣᠶᠠᠷ ᠪᠠᠶᠢᠳᠠᠭ ᠃ ᠡᠭᠦᠨ   ᠳᠤ ᠥᠩᠭᠡ ᠪᠠᠷ  ᠨᠢ ᠬᠠᠷ᠎ᠠ ᠴᠠᠭᠠᠨ ᠭᠡᠵᠣ ᠬᠣᠶᠠᠷ ᠬᠣᠪᠢᠶᠠᠨ ᠂ ᠣᠷᠣᠯᠳᠣᠬᠣ ᠬᠣᠶᠠᠷ ᠲᠠᠯ᠎ᠠ ᠲᠣᠰ ᠪᠥᠷᠢ ᠠᠷᠪᠠᠨ ᠵᠢᠷᠭᠣᠭᠠᠨ ᠰᠢᠳᠠᠷ᠎ᠠ ᠠᠪᠳᠠᠭ ᠃ ᠲᠠᠯ᠎ᠠ ᠪᠦᠷᠢ  ᠳᠤ ᠨᠢᠭᠡ ᠨᠣᠶᠠᠨ ᠂ ᠨᠢᠭᠡ ᠪᠡᠷᠰᠡ ᠂ ᠬᠣᠶᠠᠷ ᠬᠠᠩᠭᠠᠢ ᠂ ᠬᠣᠶᠠᠷ ᠮᠣᠷᠢ ᠂ ᠬᠣᠶᠠᠷ ᠲᠡᠮᠡᠭᠡ ᠂ᠨᠠᠢᠮᠠᠨ  ᠬᠦᠦ  ᠲᠠᠢ ᠃

ᠨᠣᠶᠠᠨ ᠄ ᠨᠥᠭᠦᠭᠡ ᠲᠠᠯ᠎ᠠ ᠵᠢᠨ ᠪᠣᠳᠠ ᠬᠦᠦ ᠵᠢᠨ ᠬᠦᠴᠦᠨ ᠲᠣᠰᠣᠭᠰᠠᠨ ᠦᠭᠡᠢ ᠰᠠᠭᠣᠳᠠᠯ  ᠳᠤ ᠬᠥᠨᠳᠡᠯᠡᠨ ᠂ ᠭᠣᠯᠳᠣ ᠂ ᠵᠢᠰᠢᠭᠦᠦ ᠪᠠᠷ ᠨᠠᠢᠮᠠᠨ  ᠲᠡᠰᠢ ᠪᠠᠨ ᠨᠢᠭᠡ ᠠᠯᠬᠣᠮ ᠨᠡᠭᠦᠳᠡᠭ ᠃

ᠬᠠᠩᠭᠠᠢ ᠄ ᠬᠥᠨᠳᠡᠯᠡᠨ ᠂ ᠭᠣᠯᠳᠣ ᠬᠣᠶᠠᠷ ᠱᠣᠭᠣᠮ  ᠢᠶᠡᠷ  ᠳᠥᠷᠪᠡᠨ ᠲᠡᠰᠢ ᠪᠠᠨ ᠰᠠᠭᠣᠳᠠᠯ ᠪᠥᠭᠦᠨ  ᠳᠤ ᠴᠥᠮ ᠬᠦᠷᠴᠦ ᠪᠣᠯᠣᠨ᠎ᠠ ᠃

ᠲᠡᠮᠡᠭᠡ ᠄ ᠲᠠᠯ᠎ᠠ ᠪᠦᠷᠢ  ᠳᠤ ᠬᠠᠷ᠎ᠠ ᠂ ᠴᠠᠭᠠᠨ ᠵᠠᠮ  ᠤᠨ ᠬᠣᠶᠠᠷ ᠲᠡᠮᠡᠭᠡ  ᠲᠠᠢ ᠪᠠᠶᠢᠳᠠᠭ ᠃ ᠲᠡᠮᠡᠭᠡ  ᠨᠢ ᠵᠢᠰᠢᠬᠦᠦ ᠱᠣᠭᠣᠮ  ᠢᠶᠡᠷ  ᠳᠥᠷᠪᠡᠨ ᠲᠡᠰᠢ ᠪᠠᠨ ᠰᠠᠭᠣᠳᠠᠯ ᠪᠦᠭᠦᠨ  ᠳᠤ ᠴᠥᠮ ᠬᠦᠷᠴᠦ ᠪᠣᠯᠳᠠᠭ ᠃ ᠡᠭᠦᠨ   ᠳᠤ ᠬᠠᠷ᠎ᠠ ᠵᠠᠮ  ᠤᠨ ᠲᠡᠮᠡᠭᠡ ᠬᠠᠷ᠎ᠠ ᠱᠣᠭᠣᠮ ᠂ ᠴᠠᠭᠠᠨ ᠵᠠᠮ  ᠤᠨ ᠲᠡᠮᠡᠭᠡ ᠴᠠᠭᠠᠨ ᠱᠣᠭᠣᠮ  ᠢᠶᠡᠷ  ᠵᠢᠰᠢᠭᠦᠦ ᠨᠡᠭᠦᠳᠡᠭ ᠃

ᠪᠠᠷᠰᠡ ᠄ ᠬᠥᠨᠳᠡᠯᠡᠨ ᠂ ᠭᠣᠯᠳᠣ ᠂ ᠵᠢᠰᠢᠭᠦᠦ ᠭᠣᠷᠪᠠᠨ ᠱᠣᠭᠣᠮ  ᠢᠶᠡᠷ  ᠰᠠᠭᠣᠳᠠᠯ ᠪᠦᠭᠦᠨ  ᠳᠤ ᠴᠥᠮ ᠬᠦᠷᠴᠦ ᠪᠣᠯᠳᠠᠭ ᠃

ᠮᠣᠷᠢ ᠄ ᠨᠠᠢᠮᠠᠨ  ᠲᠡᠰᠢ ᠪᠠᠨ ᠥᠷᠥᠭᠡᠯᠳᠦᠵᠣ ᠨᠡᠬᠦᠳᠡᠭ ᠃

ᠬᠦᠦ ᠄ ᠭᠣᠯᠳᠣ ᠱᠣᠭᠣᠮ  ᠢᠶᠡᠷ  ᠣᠷᠣᠭᠰᠢ ᠪᠠᠨ ᠨᠢᠭᠡ ᠠᠯᠬᠣᠮ ᠨᠡᠬᠦᠵᠣ ( ᠡᠬᠢᠨ   ᠳᠤ ᠶᠠᠪᠣᠬᠣ ᠬᠦᠦ  ᠡᠴᠡ ᠪᠣᠰᠣᠳ ) ᠂ ᠪᠣᠰᠣᠳ  ᠤᠨ ᠪᠣᠳᠠ ᠬᠦᠦ ᠵᠢ ᠵᠢᠰᠢᠭᠦᠦ ᠪᠠᠷ ᠢᠳᠡᠳᠡᠭ ᠃ ᠬᠦᠦ ᠣᠷᠣᠭᠰᠢ ᠪᠠᠨ ᠶᠠᠪᠣᠭᠰᠠᠭᠠᠷ ᠲᠡᠷᠳᠡᠭᠡ ᠦᠵᠦᠭᠦᠷ ᠬᠥᠷᠦᠭᠡᠳ ᠪᠤᠴᠠᠵᠣ ᠵᠢᠰᠢᠭᠦᠦ ᠪᠡᠷ ᠭᠤᠷᠪᠠᠨ ᠠᠯᠬᠣᠮ ᠪᠠᠭᠣᠪᠠᠯ ᠪᠡᠷᠰᠡ ᠪᠣᠯᠣᠨ ᠬᠣᠪᠢᠷᠠᠳᠠᠭ ᠂ ᠵᠠᠷᠢᠮ  ᠳᠠᠭᠠᠨ ᠪᠤᠴᠠᠵᠣ ᠨᠢᠭᠡ ᠪᠠᠭᠣᠪᠠᠯ ᠪᠡᠷᠰᠡ ᠪᠣᠯᠳᠠᠭ ᠴᠣ ᠪᠤᠢ ᠃ ᠮᠡᠳᠡᠭᠡᠵᠢ ᠪᠡᠷᠰᠡ ᠪᠣᠯᠣᠭᠰᠠᠨ ᠬᠦᠦ  ᠨᠢ ᠪᠡᠷᠰᠡ ᠵᠢᠨ ᠵᠠᠮ  ᠢᠶᠡᠷ  ᠶᠠᠪᠣᠬᠣ ᠪᠣᠯᠣᠨ᠎ᠠ ᠃

 

ᠪᠣᠳᠠ ᠬᠦᠦ ᠵᠢᠨ ᠪᠠᠶᠢᠷᠢᠯᠠᠯ ᠄
2

ᠬᠣᠶᠠᠷ ᠲᠠᠯ᠎ᠠ ᠵᠢᠨ ᠨᠠᠢᠮᠠᠨ  ᠰᠠᠭᠣᠳᠠᠯ  ᠤᠨ ᠭᠣᠣᠯ  ᠤᠨ ᠬᠣᠶᠠᠷ ᠰᠠᠭᠣᠳᠠᠯ  ᠳᠤ ᠨᠣᠶᠠᠨ ᠂ ᠪᠡᠷᠰᠡ ᠵᠢ ᠪᠠᠶᠢᠷᠢᠯᠠᠭᠣᠯᠵᠣ ᠂ ᠬᠣᠶᠠᠷ ᠬᠠᠵᠠᠭᠣ ᠲᠡᠰᠢ  ᠨᠢ ᠲᠡᠮᠡᠭᠡ ᠂ ᠮᠣᠷᠢ ᠂ ᠬᠠᠩᠭᠠᠢ ᠵᠢ ᠲᠡᠰ ᠳᠠᠷᠠᠭᠠᠯᠠᠨ ᠥᠷᠥᠵᠣ ᠂ ᠪᠣᠳᠠ ᠪᠥᠷᠢ ᠵᠢᠨ ᠡᠮᠦᠨ᠎ᠡ  ᠰᠠᠭᠣᠳᠠᠯ  ᠳᠤᠨᠠᠢᠮᠠᠨ  ᠬᠦᠦ ᠪᠠᠨ ᠪᠠᠶᠢᠷᠢᠯᠠᠭᠣᠯᠳᠠᠭ ᠃

 

ᠣᠷᠣᠯᠳᠣᠭᠠᠨ  ᠤ ᠲᠥᠷᠥᠯ ᠵᠦᠢᠯ ᠄

ᠮᠣᠩᠭᠣᠯ ᠰᠢᠳᠠᠷ᠎ᠠ ᠵᠢᠨ ᠤᠷᠣᠯᠳᠣᠭᠠᠨ  ᠳᠤ ᠬᠣᠪᠢ ᠬᠦᠮᠦᠨ  ᠤ ᠣᠷᠣᠯᠳᠣᠭᠠᠨ ᠪᠣᠯᠣᠨ ᠪᠥᠯᠭᠦᠮ ᠨᠢᠭᠡᠴᠡ ᠵᠢᠨ ᠤᠷᠣᠯᠳᠣᠭᠠᠨ ᠭᠡᠬᠦ ᠬᠣᠶᠠᠷ ᠵᠦᠢᠯ ᠪᠠᠶᠢᠳᠠᠭ ᠃
3

 

ᠰᠢᠳᠠᠷ᠎ᠠ ᠵᠢᠨ ᠨᠠᠭᠠᠳᠣᠮ  ᠳᠤ ᠦᠷᠭᠦᠯᠵᠢ ᠬᠡᠷᠡᠭᠯᠡᠭᠳᠡᠳᠡᠭ ᠦᠭᠡᠰ
4

ᠱᠠᠯᠠᠭ᠎ᠠ ( ᠳ᠋ᠣᠯᠠᠭ᠎ᠠ ᠂ ᠴᠣᠯᠠᠭ᠎ᠠ ) ᠄ ᠨᠢᠭᠡ ᠲᠠᠯ᠎ᠠ ᠵᠢᠨ ᠪᠣᠳᠠ ᠬᠦᠦ  ᠨᠢ ᠳᠠᠷᠠᠭᠠᠴᠢ ᠵᠢᠨ ᠨᠡᠬᠦᠳᠡᠯ ᠳ᠋ᠡᠭᠡᠨ ᠨᠥᠭᠥᠭᠡ ᠲᠠᠯ᠎ᠠ ᠵᠢᠨ ᠨᠣᠶᠠᠨ  ᠢ ᠢᠳᠡᠬᠦ ᠭᠡᠵᠣ ᠬᠠᠯᠳᠠᠵᠣ ᠨᠡᠬᠦᠭᠦ ᠵᠢ ᠬᠡᠯᠡᠳᠡᠭ ᠃ ᠱᠠᠯᠠᠭᠳᠠᠭᠰᠠᠨ ᠨᠣᠶᠠᠨ ᠡᠭᠦᠨ   ᠡᠴᠡ ᠵᠠᠶᠢᠯᠠᠬᠣ ᠭᠤᠷᠪᠠᠨ ᠵᠦᠢᠯ  ᠤᠨ ᠠᠷᠭ᠎ᠠ ᠪᠤᠢ ᠃

1. ᠱᠠᠯᠠᠭᠰᠠᠨ ᠪᠤᠳᠠ ᠬᠦᠦ ᠵᠢ ᠢᠳᠡᠬᠦ ᠃

2. ᠬᠦᠴᠦᠨ ᠲᠣᠰᠣᠭᠰᠠᠨ ᠦᠭᠡᠢ ᠰᠠᠭᠣᠳᠠᠯ  ᠳᠤ ᠵᠠᠶᠢᠯᠠᠬᠣ ᠃

3. ᠥᠪᠡᠷ  ᠤᠨ ᠪᠣᠳᠠ ᠬᠦᠦ ᠪᠠᠷ ᠲᠡᠷᠡᠬᠦ ᠱᠠᠯᠠᠵᠣ ᠪᠠᠶᠢᠭ᠎ᠠ ᠪᠣᠳᠠ ᠵᠢᠨ ᠬᠦᠴᠦ ᠵᠢ ᠪᠥᠭᠯᠡᠬᠦ ᠵᠡᠷᠭᠡ ᠃ ᠡᠭᠦᠨ   ᠳᠤ ᠮᠣᠷᠢ ᠪᠣᠯᠣᠨ ᠬᠦᠦ ᠵᠢᠨ ᠱᠠᠯᠠᠭ᠎ᠠ ( ᠴᠣᠯᠠᠭ᠎ᠠ ) ᠵᠢ ᠪᠥᠭᠯᠡᠬᠦ ᠵᠢᠨ ᠠᠷᠭ᠎ᠠ ᠦᠭᠡᠢ ᠃

ᠮᠠᠳ ᠄ ᠱᠠᠯᠠᠭᠳᠠᠭᠰᠠᠨ ᠨᠣᠶᠠᠨ ᠵᠠᠶᠢᠯᠠᠬᠣ ᠠᠷᠭ᠎ᠠ ᠦᠭᠡᠢ ᠪᠣᠯᠣᠭᠰᠠᠨ  ᠢ ᠬᠡᠯᠡᠳᠡᠭ ᠃

ᠱᠠᠭ ᠄ ᠪᠠᠷᠰᠡ ᠪᠣᠯᠣᠨ ᠬᠠᠩᠭᠠᠢ ᠪᠠᠷ ᠱᠠᠯᠠᠬᠣ  ᠳᠤ ᠬᠡᠯᠡᠳᠡᠭ ᠦᠭᠡ ᠃

ᠳ᠋ᠣᠭ ᠄ ᠲᠡᠮᠡᠭᠡ ᠪᠠᠷ ᠱᠠᠯᠠᠬᠣ  ᠳᠤ ᠬᠡᠯᠡᠳᠡᠭ ᠦᠭᠡ ᠃

ᠴᠥᠷ ᠄ ᠮᠣᠷᠢ ᠪᠠᠷ ᠱᠠᠯᠠᠬᠣ  ᠳᠤ ᠬᠡᠯᠡᠳᠡᠭ ᠦᠭᠡ ᠃

ᠰᠤᠤᠰ ᠄ ᠲᠡᠮᠡᠭᠡ ᠪᠠᠷ ᠨᠣᠶᠠᠨ  ᠢ ᠮᠠᠳᠯᠠᠭᠰᠠᠨ ᠦᠶ᠎ᠡ  ᠳᠤ ᠬᠡᠯᠡᠳᠡᠭ ᠦᠭᠡ ᠃

ᠵᠢᠳ ᠄ ᠶᠠᠪᠣᠬᠣ ᠡᠬᠡᠯᠵᠢ  ᠲᠠᠭᠠᠷᠠᠭᠰᠠᠨ ᠨᠣᠶᠠᠨ ᠂ ᠱᠠᠯᠠᠭᠠᠨ  ᠳᠤ ᠤᠴᠠᠷᠠᠭᠰᠠᠨ ᠦᠭᠡᠢ ᠪᠠᠶᠢᠳᠠᠯ᠎ᠠ ᠪᠠᠨ ᠶᠠᠪᠣᠬᠣ ᠰᠠᠭᠣᠳᠠᠯ ᠦᠭᠡᠢ ᠪᠣᠯᠣᠭᠰᠠᠨ ᠪᠥᠭᠡᠳ ᠪᠣᠰᠣᠳ ᠪᠣᠳᠠ ᠬᠦᠦ  ᠨᠢ ᠴᠣ ᠶᠠᠪᠣᠬᠣ ᠭᠠᠵᠠᠷ ᠦᠭᠡᠢ ᠪᠣᠯᠬᠣ  ᠳᠤ ᠬᠡᠯᠡᠳᠡᠭ ᠦᠭᠡ ᠃

ᠨᠢᠴᠦᠭᠦᠨ ᠄ ᠨᠢᠭᠡ ᠲᠠᠯ᠎ᠠ ᠵᠢᠨ ᠪᠣᠳᠠ ᠬᠦᠦ ᠵᠢ ᠴᠥᠮ ᠢᠳᠡᠵᠣ ᠂ ᠭᠠᠭᠴᠠ ᠨᠣᠶᠠᠨ ᠦᠯᠡᠳᠡᠭᠰᠡᠨ ᠦᠶ᠎ᠡ  ᠳᠤ ᠬᠡᠯᠡᠳᠡᠭ ᠦᠭᠡ ᠃

ᠲᠡᠦᠭᠡᠢ ᠄ ᠲᠡᠶᠢᠯᠦᠩᠬᠢ ᠪᠠᠶᠢᠷᠢᠨ  ᠳᠤ ᠪᠠᠶᠢᠭ᠎ᠠ ᠲᠠᠯ᠎ᠠ  ᠨᠢ ᠦᠯᠡᠳᠡᠭᠰᠡᠨ ᠪᠣᠳᠠ ᠬᠦᠦ ᠪᠠᠨ ᠴᠢᠳᠠᠮᠠᠭᠠᠢ ᠬᠡᠷᠡᠭᠯᠡᠨ ᠵᠢᠭᠰᠠᠭᠠᠯ ᠪᠡᠯᠡᠳᠭᠡᠵᠣ ᠂ ᠨᠥᠭᠦᠭᠡ ᠲᠠᠯ᠎ᠠ ᠵᠢᠨ ᠨᠣᠶᠠᠨ  ᠢ ᠬᠠᠰᠢᠨ ᠰᠢᠬᠠᠵᠣ ᠪᠠᠶᠢᠭᠠᠳ ᠲᠣᠭᠳᠠᠭᠰᠠᠨ ᠨᠢᠭᠡ ᠰᠠᠭᠣᠳᠠᠯ  ᠳᠤ ᠠᠪᠴᠢᠷᠠᠵᠣ ᠲᠣᠭᠳᠠᠭᠰᠠᠨ ᠲᠡᠰ ᠲᠠᠷᠠᠭ᠎ᠠ ᠪᠠᠷ ᠱᠠᠯᠠᠭᠰᠠᠨ  ᠤ ᠡᠴᠦᠰ  ᠲᠤ ᠮᠠᠳᠯᠠᠭᠰᠠᠨ  ᠢ ᠲᠡᠬᠦᠭᠡᠢ ᠱᠦᠭᠦᠯ᠎ᠡ ᠭᠡᠳᠡᠭ ᠃ ᠱᠠᠯᠠᠭ᠎ᠠ ᠡᠬᠢᠯᠡᠭᠰᠡᠨ   ᠤ ᠳᠠᠷᠠᠭᠠᠬᠢ ᠪᠣᠳᠠ ᠬᠦᠦ ᠵᠢᠨ ᠨᠡᠬᠦᠳᠡᠯ  ᠤᠨ ᠲᠣᠭ᠎ᠠ ᠵᠢ ᠦᠨᠳᠦᠰᠦᠯᠡᠵᠣ ᠨᠢᠭᠡ ᠲᠡᠦᠭᠡᠢ ᠂ ᠬᠣᠶᠠᠷ ᠲ᠋ᠡᠦᠭᠡᠢ ᠁ ᠭᠡᠵᠣ ᠲᠣᠭᠠᠯᠠᠳᠠᠭ ᠪᠠᠶᠢᠨ᠎ᠠ ᠃ ᠰᠢᠳᠠᠷ᠎ᠠ ᠲᠠᠯᠪᠢᠵᠣ ᠲᠡᠭᠦᠰᠭᠦ  ᠳᠤ ᠂ ᠶᠠᠮᠠᠷ ᠪᠣᠳᠠ ᠂ ᠠᠯᠢ ᠠᠯᠢ ᠮᠥᠷ  ᠤᠨ ᠬᠦᠦ ᠦᠯᠡᠳᠡᠬᠦ  ᠨᠢ ᠠᠳᠠᠯᠢ ᠦᠭᠡᠢ ᠪᠣᠯᠬᠣᠷ ᠲᠣᠬᠠᠢ ᠵᠢᠨ ᠪᠠᠶᠢᠳᠠᠯ  ᠳᠤ ᠲᠣᠬᠢᠷᠠᠭᠣᠯᠣᠨ ᠶᠠᠩᠵᠣ ᠶᠠᠩᠵᠣ ᠵᠢᠨ ᠲᠡᠦᠭᠡᠢ ᠬᠢᠳᠡᠭ ᠃

ᠬᠠᠶᠢᠨ ᠄ ᠮᠣᠩᠭᠣᠯ ᠰᠢᠳᠠᠷ᠎ᠠ ᠵᠢᠨ ᠨᠠᠭᠠᠳᠣᠮ  ᠨᠢ ᠳᠠᠷᠠᠭᠠᠬᠢ ᠲᠣᠬᠢᠶᠠᠯᠳᠣᠯ  ᠳᠤ ᠬᠠᠶᠢᠨ ( ᠲᠡᠩᠴᠡᠭᠦᠦ ) ᠪᠣᠯᠳᠠᠭ ᠶᠤᠰᠣ  ᠲᠠᠢ ᠃ ᠬᠣᠶᠠᠷ ᠲᠠᠯ᠎ᠠ  ᠨᠢ ᠴᠥᠮ ᠭᠠᠭᠴᠠᠬᠠᠨ ᠨᠣᠶᠠᠨ  ᠲᠠᠢ ᠦᠯᠡᠳᠡᠬᠦ ᠂ ᠡᠰᠡᠪᠡᠯ  ᠲᠤᠰ ᠲᠤᠰ ᠭᠠᠭᠴᠠ ᠲᠡᠮᠡᠭᠡ  ᠲᠠᠢ ᠨᠣᠶᠠᠨ ᠦᠯᠡᠳᠡᠭᠡᠳ ᠬᠣᠶᠠᠷ ᠲᠡᠮᠡᠭᠡ  ᠨᠢ ᠢᠵᠢᠯ ᠵᠠᠮ  ᠤᠨ ᠲᠡᠮᠡᠭᠡ ᠪᠠᠶᠢᠬᠣ ᠂ ᠨᠠᠭᠠᠳᠣᠮ  ᠤᠨ ᠳᠣᠮᠳᠠ ᠢᠵᠢᠯ ᠨᠢᠭᠡ ᠵᠦᠢᠯ  ᠤᠨ ᠪᠠᠶᠢᠳᠠᠯ ᠭᠤᠷᠪᠠ ᠪᠤᠶᠤ ᠭᠤᠷᠪᠠ  ᠡᠴᠡ ᠲᠡᠭᠡᠭᠰᠢ ᠳᠠᠪᠳᠠᠭᠳᠠᠵᠣ ᠂ ᠤᠳᠠᠭ᠎ᠠ ᠪᠦᠷᠢ  ᠳᠤ ᠨᠢᠭᠡ ᠯᠠ ᠲᠠᠯ᠎ᠠ ᠵᠢᠨ ᠶᠠᠪᠣᠬᠣ ᠡᠭᠡᠯᠵᠢ  ᠲᠠᠭᠠᠷᠠᠭᠠᠳ ᠪᠠᠶᠢᠪᠠᠯ ᠬᠠᠶᠢᠨ ᠪᠣᠯᠬᠣ ᠂ ᠡᠭᠦᠨ   ᠡᠴᠡ ᠭᠠᠳᠠᠨ᠎ᠠ ᠵᠢᠳ ᠪᠣᠯᠬᠣ ᠵᠢ ᠬᠠᠶᠢᠨ ᠪᠣᠯᠣᠭᠰᠠᠨ  ᠳᠤ ᠲ᠋ᠣᠭᠠᠴᠠᠬᠣ ᠭᠡᠬᠦ ᠮᠡᠳᠦ ᠃

 

ᠰᠢᠳᠠᠷ᠎ᠠ ᠨᠠᠭᠠᠳᠬᠣ  ᠳᠤ ᠠᠩᠬᠠᠷᠬᠣ ᠵᠦᠢᠯ ᠄
5

ᠮᠣᠩᠭᠣᠯ ᠰᠢᠳᠠᠷ᠎ᠠ ᠵᠢ ᠡᠬᠢᠯᠡᠵᠦ  ᠨᠠᠭᠠᠳᠬᠣ  ᠳᠠᠭᠠᠨ ᠴᠠᠭᠠᠨ ᠲᠠᠯ᠎ᠠ  ᠡᠴᠡ ᠡᠬᠢᠯᠡᠵᠤ  ᠨᠡᠬᠦᠳᠡᠭ ᠃ ᠡᠭᠦᠨ   ᠳᠤ ᠨᠣᠶᠠᠨ ᠪᠣᠯᠣᠨ ᠪᠡᠷᠰᠡ ᠵᠢᠨ ᠡᠮᠦᠨᠡᠬᠢ  ᠬᠦᠦ ᠤᠷᠣᠭᠰᠢ ᠪᠠᠨ ᠬᠣᠶᠠᠷ ᠠᠯᠬᠣᠮ ᠨᠡᠬᠦᠳᠡᠭ ᠃ ᠪᠣᠰᠣᠳ ᠬᠦᠦ ᠡᠬᠢᠯᠡᠵᠦ  ᠶᠠᠪᠣᠳᠠᠭ ᠦᠭᠡᠢ ᠪᠥᠭᠡᠳ ᠴᠥᠮ ᠨᠢᠭᠡ ᠨᠢᠭᠡ ᠠᠯᠬᠣᠮ  ᠢᠶᠡᠷ  ᠶᠠᠪᠣᠳᠠᠭ ᠃ ᠡᠳᠡᠭᠡᠷ   ᠤᠨ ᠠᠯᠢ  ᠨᠢ ᠴᠣ ᠥᠪᠡᠷ  ᠤᠨ ᠲᠠᠯ᠎ᠠ ᠵᠢᠨ ᠪᠣᠳᠠ ᠬᠦᠦ ᠪᠠᠶᠢᠭ᠎ᠠ ᠰᠠᠭᠣᠳᠠᠯ  ᠳᠤ ᠨᠡᠬᠦᠵᠣ ᠪᠣᠯᠬᠣ ᠦᠭᠡᠢ ᠃ ᠮᠣᠷᠢ ᠪᠣᠯ ᠶᠠᠮᠠᠷᠪᠠ ᠨᠢᠭᠡᠨ ᠪᠣᠳᠠ ᠬᠦᠦ ᠵᠢᠨ ᠳᠡᠭᠡᠭᠦᠷ ᠭᠠᠷᠴᠣ ᠪᠣᠯᠳᠠᠭ ᠃ ᠮᠣᠷᠢ  ᠡᠴᠡ ᠪᠣᠰᠣᠳ ᠪᠣᠳᠠ ᠬᠦᠦ  ᠨᠢ ᠵᠥᠪᠭᠡᠨ ᠬᠣᠭᠣᠰᠣᠨ ᠰᠠᠭᠣᠳᠠᠯ ᠳᠡᠭᠡᠭᠦᠷ ᠨᠡᠬᠦᠳᠡᠭ ᠃ ᠰᠢᠳᠠᠷ᠎ᠠ ᠨᠠᠭᠠᠳᠬᠣ  ᠳᠤ ᠲᠠᠷᠣᠣ ᠬᠢᠴᠢᠶᠡᠩᠬᠦᠢ ᠪᠠᠶᠢᠬᠣ ᠵᠢ ᠡᠷᠬᠢᠮᠯᠡᠵᠦ  ᠂ ᠠᠳᠠᠭ᠎ᠠ ᠤᠴᠠᠭᠠᠷ  ᠢ ᠲᠡᠪᠴᠢᠳᠡᠭ ᠃ ᠬᠠᠵᠠᠭᠣ  ᠡᠴᠡ ᠬᠠᠷᠠᠵᠣ ᠪᠠᠶᠢᠭ᠎ᠠ ᠬᠦᠮᠦᠰ ᠦᠢᠮᠡᠯᠳᠦᠵᠣ ᠪᠣᠯᠳᠠᠭ ᠦᠭᠡᠢ ᠃ ᠰᠢᠳᠠᠷ᠎ᠠ  ᠳᠤ ᠨᠢᠭᠡ ᠶᠠᠪᠣᠭᠰᠠᠨ  ᠢᠶᠡᠨ  ᠳᠠᠬᠢᠨ ᠪᠤᠴᠠᠵᠣ ᠪᠣᠯᠬᠣ ᠦᠭᠡᠢ ᠭᠡᠰᠡᠨ ᠳᠦᠷᠢᠮ  ᠲᠠᠢ ᠪᠠᠶᠢᠳᠠᠭ ᠃

( ᠳᠡᠭᠡᠷᠡᠬᠢ ᠬᠡᠰᠡᠭᠯᠡᠯ  ᠳᠤ ︽ ᠮᠣᠩᠭᠣᠯ ᠰᠢᠳᠠᠷ᠎ᠠ ᠵᠢᠨ ᠱᠦᠭᠦᠯᠴᠡᠭᠡᠨ ︾ ᠨᠣᠮ  ᠢ ᠭᠤᠤᠯᠯᠠᠨ ᠠᠰᠢᠭᠯᠠᠪᠠ )

 

ᠰᠢᠭᠦᠮᠵᠢ