• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠤᠩᠭᠣᠯ ᠦᠨᠳᠦᠰᠦᠳᠡᠨ  ᠤ ᠤᠯᠠᠮᠵᠢᠯᠠᠯᠳᠣ ᠲᠣᠭᠯᠠᠭᠠᠮ  ᠤᠨ ᠲᠤᠬᠠᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

ᠮᠣᠩᠭᠣᠯ ᠦᠨᠳᠦᠰᠦᠳᠡᠨ  ᠤ ᠤᠯᠠᠮᠵᠢᠯᠠᠯᠳᠣ ᠲᠣᠭᠯᠠᠭᠠᠮ  ᠤᠨ ᠲᠥᠷᠥᠯ ᠵᠦᠢᠯ ᠲᠣᠩ ᠣᠯᠠᠨ ᠪᠠᠶᠢᠳᠠᠭ ᠪᠥᠭᠡᠳ ᠠᠳᠠᠯᠢᠬᠠᠨ ᠨᠢᠭᠡ ᠵᠦᠢᠯ  ᠤᠨ ᠲᠣᠭᠯᠠᠭᠠᠮ  ᠤᠨ ᠨᠣᠳᠣᠭ ᠨᠣᠳᠣᠭ  ᠲᠤ ᠨᠠᠭᠠᠳᠬᠣ ᠵᠠᠩᠰᠢᠯ ᠂ ᠨᠡᠷᠡᠯᠡᠬᠦ ᠨᠡᠷᠡᠶᠢᠳᠦᠯ  ᠨᠢ ᠴᠤ ᠵᠥᠷᠢᠶ᠎ᠡ  ᠲᠠᠢ ᠪᠠᠶᠢᠳᠠᠭ ᠃ ᠮᠣᠩᠭᠣᠯ ᠠᠷᠠᠳ  ᠤᠨ ᠲᠣᠭᠯᠠᠭᠠᠮ  ᠨᠢ ᠮᠣᠩᠭᠣᠯ ᠦᠨᠳᠦᠰᠦᠳᠡᠨ  ᠤ ᠰᠣᠶᠣᠯ  ᠤᠨ ᠬᠣᠪᠣᠷ ᠨᠠᠨᠳᠢᠨ ᠥᠪ ᠪᠣᠯᠣᠭᠰᠠᠨ  ᠤ ᠬᠣᠪᠢ  ᠳᠤ ᠂ ᠲᠡᠭᠦᠨ  ᠤ ᠡᠭᠦᠰᠴᠦ  ᠬᠥᠭᠵᠢᠭᠰᠡᠨ ᠶᠠᠪᠣᠴᠠ  ᠨᠢ ᠮᠣᠩᠭᠣᠯᠴᠣᠳ  ᠤᠨ ᠤᠯᠠᠮᠵᠢᠯᠠᠯᠳᠣ ᠠᠮᠢᠳᠣᠷᠠᠯ  ᠲᠠᠢ ᠨᠢᠭᠳᠠ ᠬᠣᠯᠪᠣᠭ᠎ᠠ  ᠲᠠᠢ ᠶᠤᠮ ᠃

 

1

 

ᠮᠣᠩᠭᠣᠯ ᠠᠷᠠᠳ  ᠤᠨ ᠲᠣᠭᠯᠠᠭᠠᠮ  ᠨᠢ ᠥᠨᠢ ᠤᠳᠠᠭᠠᠨ ᠲᠡᠦᠭᠡᠨ ᠤᠯᠠᠮᠵᠢᠯᠠᠯ ᠪᠦᠭᠦᠢ ᠦᠢᠯᠡᠳᠪᠦᠷᠢᠯᠡᠯ ᠬᠥᠳᠡᠯᠮᠦᠷᠢ  ᠲᠠᠢ ᠨᠢᠭᠳᠠ ᠤᠶᠠᠯᠳᠣᠭᠰᠠᠨ ᠂ ᠡᠪ ᠨᠠᠶᠢᠷ  ᠢ ᠡᠷᠬᠢᠮᠯᠡᠭᠰᠡᠨ  ᠂ ᠬᠦᠴᠦ ᠤᠭᠭᠠᠨ  ᠢ ᠰᠣᠷᠢᠭᠰᠠᠨ ᠂ ᠠᠷᠠᠳ  ᠤᠨ ᠤᠯᠠᠮᠵᠢᠯᠠᠯᠳᠣ ᠵᠠᠩ ᠵᠠᠩᠰᠢᠯ  ᠢ ᠲᠤᠰᠬᠠᠭᠰᠠᠨ ᠣᠨᠴᠠᠯᠢᠭ  ᠲᠠᠢ ᠃ ᠲᠡᠶᠢᠮᠦ ᠪᠥᠭᠡᠳ ᠮᠣᠩᠭᠣᠯ ᠠᠷᠠᠳ  ᠤᠨ ᠲᠣᠭᠯᠠᠭᠠᠮ  ᠳᠤ ᠠᠯᠢ ᠨᠠᠰᠣᠨ  ᠤ ᠬᠥᠮᠦᠰ ᠶᠠᠮᠠᠷ ᠲᠣᠭᠯᠠᠭᠠᠮ  ᠢ ᠨᠠᠭᠠᠳᠪᠠᠯ ᠵᠣᠬᠢᠬᠣ ᠲᠣᠬᠠᠢ ᠲᠣᠳᠣᠷᠠᠬᠠᠢ ᠲᠢᠭ ᠵᠢᠷᠣᠮ  ᠲᠠᠢ ᠪᠠᠶᠢᠳᠠᠭ ᠪᠢᠯᠡ ᠃

ᠮᠣᠩᠭᠣᠯᠴᠣᠳ ᠬᠡᠦᠭᠡᠳ  ᠢᠶᠡᠨ  ᠬᠠᠷᠠᠬᠠᠨ ᠪᠠᠭ᠎ᠠ  ᠡᠴᠡ  ᠨᠢ ᠨᠠᠭᠠᠳᠣᠮ ᠲᠣᠭᠯᠠᠭᠠᠮ  ᠳᠤ ᠲᠠᠰᠬᠠᠵᠣ ᠂ ᠲᠡᠳᠡᠨ  ᠳᠤ ᠠᠮᠢᠳᠣᠷᠠᠯ  ᠤᠨ ᠲᠤᠬᠠᠢ ᠮᠡᠳᠡᠯᠭᠡ ᠂ ᠪᠣᠰᠣᠳ  ᠲᠠᠢ ᠬᠠᠷᠢᠯᠴᠠᠬᠣ ᠤᠬᠠᠭᠠᠨ ᠂ ᠡᠶ᠎ᠡ ᠡᠪ  ᠢ ᠡᠷᠬᠢᠮᠯᠡᠭᠰᠡᠨ  ᠪᠥᠯᠭᠦᠮᠳᠡᠯ  ᠤᠨ ᠦᠵᠡᠯ ᠰᠤᠷᠳᠠᠯ ᠵᠡᠷᠭᠡ ᠣᠯᠠᠨ ᠰᠠᠶᠢᠬᠠᠨ ᠶᠣᠰᠣ ᠵᠠᠩᠰᠢᠯ  ᠢ ᠲᠣᠭᠯᠠᠭᠠᠮ  ᠤᠨ ᠳᠣᠮᠳᠠ ᠣᠶᠢᠯᠭᠠᠭᠣᠯᠵᠣ ᠂ ᠬᠡᠦᠭᠡᠳ  ᠤᠨ  ᠢᠶᠡᠨ  ᠵᠥᠪ ᠵᠠᠮ  ᠢᠶᠡᠷ  ᠥᠰᠥᠨ ᠪᠣᠶᠢᠵᠢᠬᠣ  ᠳᠤ ᠵᠣᠵᠠᠭᠠᠨ ᠰᠠᠭᠣᠷᠢ ᠵᠢ  ᠨᠢ ᠲᠠᠯᠪᠢᠳᠠᠭ ᠤᠯᠠᠮᠵᠢᠯᠠᠯ  ᠲᠠᠢ ᠶᠤᠮ ᠃

ᠮᠣᠩᠭᠣᠯ ᠠᠷᠠᠳ  ᠤᠨ ᠲᠣᠭᠯᠠᠭᠠᠮ  ᠳᠤ ᠬᠡᠦᠭᠡᠳ  ᠢ ᠰᠤᠷᠭᠠᠨ ᠬᠦᠮᠦᠵᠢᠭᠦᠯᠬᠦ ᠵᠣᠷᠢᠯᠭ᠎ᠠ  ᠳᠤ ᠴᠢᠭᠯᠡᠭᠦᠯᠦᠭᠰᠡᠨ ᠲᠣᠭᠯᠠᠭᠠᠮ ᠣᠯᠠᠩᠬᠢ ᠬᠣᠪᠢ ᠵᠢ ᠡᠵᠡᠯᠡᠳᠡᠭ ᠃ ᠮᠣᠩᠭᠣᠯᠴᠣᠳ  ᠤᠨ ᠬᠡᠦᠭᠡᠳ  ᠤᠨ ᠲᠣᠭᠯᠠᠭᠠᠮ  ᠤᠨ ᠲᠥᠷᠥᠯ  ᠳᠤ ᠬᠦᠴᠦ ᠂ ᠬᠣᠷᠳᠣ ᠂ ᠮᠡᠳᠡᠯᠭᠡ ᠂ ᠬᠠᠷᠠᠴᠠ ᠂ ᠮᠡᠳᠡᠷᠡᠮᠵᠢ ᠂ ᠤᠬᠠᠭᠠᠨ ᠰᠠᠮᠪᠠᠭ᠎ᠠ ᠂ ᠵᠣᠷᠢᠭ ᠰᠥᠰᠥ ᠂ ᠲᠡᠰᠪᠦᠷᠢ ᠲᠡᠪᠴᠢᠶᠡᠷᠢ ᠵᠢ ᠰᠢᠯᠭᠠᠭᠰᠠᠨ ᠣᠯᠠᠨ ᠲᠥᠷᠥᠯ  ᠤᠨ ᠲᠣᠭᠯᠠᠭᠠᠮ ᠪᠠᠶᠢᠳᠠᠭ ᠃ ᠡᠭᠦᠨ   ᠳᠤ ᠣᠯᠠᠩᠬᠢ ᠨᠣᠳᠣᠭ  ᠲᠤ ᠳᠡᠯᠭᠡᠷᠡᠭᠰᠡᠨ ᠨᠡᠶᠢᠳᠡᠯᠢᠭ ᠲᠣᠭᠯᠠᠭᠠᠮ  ᠤᠨ ᠵᠦᠢᠯ  ᠦᠳ   ᠡᠴᠡ ᠱᠠᠭ᠎ᠠ ᠂ ᠰᠢᠳᠠᠷ᠎ᠠ ᠂ ᠪᠣᠭᠣ ᠵᠢᠷᠭᠢᠭᠡ ᠂ ᠤᠳᠠᠰᠣ ᠡᠯᠭᠦᠯᠴᠡᠬᠦ  ᠂ ᠴᠡᠮᠡᠪᠡᠯ  ᠤᠨ ᠣᠨᠢᠰᠣ ᠂ ᠭᠡᠷ ᠪᠠᠷᠢᠬᠣ ᠵᠡᠷᠭᠡ ᠲᠥᠷᠥᠯ ᠦᠳ   ᠢ ᠳᠣᠷᠠᠳᠣᠵᠣ ᠪᠣᠯᠬᠣ ᠶᠤᠮ ᠃

ᠰᠢᠭᠦᠮᠵᠢ