• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠱᠠᠭ᠎ᠠ ᠲᠣᠭᠯᠠᠭᠠᠮ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

untitle1d

ᠲᠡᠭᠰᠢ ᠲᠠᠯ᠎ᠠ  ᠨᠢ ᠮᠣᠷᠢᠨ ᠡᠷᠳᠡᠨᠢ

ᠲᠡᠰᠯᠡᠬᠦ ᠲᠠᠯ᠎ᠠ  ᠨᠢ ᠲᠡᠮᠡᠭᠡᠨ ᠡᠷᠳᠡᠨᠢ

ᠬᠣᠨᠳᠣᠯᠠᠢ ᠲᠠᠯ᠎ᠠ  ᠨᠢ ᠬᠣᠨᠢᠨ ᠡᠷᠳᠡᠨᠢ

ᠬᠣᠳᠣᠭᠣᠷ ᠲᠠᠯ᠎ᠠ  ᠨᠢ ᠢᠮᠠᠭᠠᠨ ᠡᠷᠳᠡᠨᠢ

︱ ᠱᠠᠭ᠎ᠠ ᠵᠢᠨ ᠲᠤᠬᠠᠢ ᠠᠮᠠᠨ ᠢᠷᠠᠭᠣ ᠨᠠᠶᠢᠷᠠᠭ

ᠡᠷᠡᠬᠡᠢ ᠵᠢᠨ ᠴᠢᠨᠡᠭᠡ ᠪᠡᠶ᠎ᠡ  ᠲᠠᠢ

ᠡᠷᠳᠡᠨᠢ ᠵᠢᠨ ᠲᠠᠪᠣᠨ ᠰᠢᠨᠵᠢ  ᠲᠠᠢ

︱ ᠱᠠᠭ᠎ᠠ ᠵᠢᠨ ᠲᠤᠬᠠᠢ ᠣᠨᠢᠰᠣᠭ᠎ᠠ

1

ᠱᠠᠭ᠎ᠠ  ᠨᠢ ᠮᠣᠩᠭᠣᠯᠴᠣᠳ  ᠤᠨ ᠠᠩ ᠠᠩᠨᠠᠯ ᠪᠣᠯᠣᠨ ᠮᠠᠯ ᠮᠠᠯᠵᠢᠯ  ᠤᠨ ᠠᠮᠢᠳᠣᠷᠠᠯ  ᠲᠠᠢ ᠨᠢᠭᠳᠠ ᠤᠶᠠᠯᠳᠣᠭᠰᠠᠨ ᠂ ᠣᠯᠠᠨ ᠶᠠᠩᠵᠣ ᠪᠠᠷ ᠲᠣᠭᠯᠠᠵᠣ ᠪᠣᠯᠳᠠᠭ ᠢᠵᠠᠭᠣᠷ ᠲᠣᠭᠯᠠᠭᠠᠮ ᠪᠣᠯᠬᠣ ᠶᠤᠮ ᠃ ᠮᠣᠩᠭᠣᠯᠴᠣᠳ  ᠤᠨ ᠨᠠᠭᠠᠳᠳᠠᠭ ᠱᠠᠭ᠎ᠠ  ᠨᠢ ᠬᠣᠨᠢ ᠂ ᠢᠮᠠᠭ᠎ᠠ ᠂ ᠦᠭᠡᠷ ᠂ ᠵᠡᠭᠡᠷ᠎ᠡ ᠂ ᠠᠷᠭᠠᠯᠢ ᠵᠡᠷᠭᠡ ᠮᠠᠯ ᠠᠮᠢᠳᠠᠨ  ᠤ ᠬᠣᠶᠢᠳᠣ ᠬᠣᠶᠠᠷ ᠬᠥᠯ  ᠤᠨ ᠱᠠᠭᠠᠨᠳᠣ ᠵᠢᠨ ᠨᠠᠷᠢᠨ ᠦᠵᠦᠭᠦᠷ  ᠲᠤ ᠪᠠᠶᠢᠬᠣ ᠳᠥᠷᠪᠡᠨ ᠲᠠᠯ᠎ᠠ  ᠲᠠᠢ ᠵᠢᠵᠢᠭ ᠶᠠᠰᠣ ᠪᠣᠯᠣᠨ᠎ᠠ ᠃ ᠱᠠᠭ᠎ᠠ  ᠨᠢ ᠨᠡᠶᠢᠳᠡ ᠮᠣᠩᠭᠣᠯ ᠨᠣᠳᠣᠭ  ᠲᠤ ᠥᠷᠭᠡᠨ  ᠢᠶᠠᠷ ᠳᠡᠯᠭᠡᠷᠡᠭᠰᠡᠨ ᠲᠣᠭᠯᠠᠭᠠᠮ  ᠤᠨ ᠵᠦᠢᠯ ᠶᠤᠮ ᠃ ᠭᠡᠬᠦ ᠳ᠋ᠡᠭᠡᠨ ᠱᠠᠭ᠎ᠠ ᠵᠢᠨ ᠲᠥᠷᠪᠡᠨ ᠲᠠᠯ᠎ᠠ ᠵᠢ ᠨᠣᠳᠣᠭ ᠨᠣᠳᠣᠭ  ᠲᠤ ᠵᠥᠷᠢᠶ᠎ᠡ  ᠲᠠᠢ ᠨᠡᠷᠡᠯᠡᠳᠡᠭ ᠃ ᠵᠢᠱᠢᠶᠡᠯᠡᠪᠡᠯ ᠂ ᠱᠠᠭ᠎ᠠ ᠵᠢᠨ ᠬᠦᠳᠦᠭᠦᠷ ᠲᠠᠯ᠎ᠠ ᠵᠢ ︽ ᠬᠣᠨᠢ ᠂ ᠪᠣᠭᠣ ᠂ ᠪᠥᠭᠡ ︾ ᠂ ᠬᠣᠳᠣᠭᠣᠷ ᠲᠠᠯ᠎ᠠ ᠵᠢ ︽ ᠢᠮᠠᠭ᠎ᠠ ᠂ ᠰᠣᠭᠣ ᠂ ᠴᠡᠭᠡ ᠂ ᠦᠭᠡᠷ ︾ ᠂ ᠲᠡᠭᠰᠢ ᠲᠠᠯ᠎ᠠ ᠵᠢ ︽ ᠮᠣᠷᠢ ᠂ ᠴᠠᠭᠠᠨ ᠂ ᠠᠯᠴᠣ ︾ ᠂ ᠬᠣᠩᠬᠢᠯ  ᠲᠠᠢ ᠬᠠᠵᠠᠭᠣ ᠵᠢ ︽ ᠲᠡᠮᠡᠭᠡ ᠂ ᠡᠯᠵᠢᠭᠡ  ᠂ ᠤᠯᠠᠭᠠᠨ ᠂ ᠬᠠ ᠂ ᠲᠠ ︾ ᠭᠡᠬᠦ ᠮᠡᠳᠦ ᠠᠳᠠᠯᠢ ᠪᠣᠰᠣ ᠪᠠᠷ ᠨᠡᠷᠡᠯᠡᠳᠡᠭ ᠃

ᠱᠠᠭ᠎ᠠ ᠵᠢ ᠨᠠᠭᠠᠳᠬᠣ  ᠳᠤ ᠬᠦᠮᠦᠨ  ᠤ ᠲᠣᠭ᠎ᠠ ᠵᠢ ᠬᠢᠵᠠᠭᠠᠷᠯᠠᠳᠠᠭ ᠦᠭᠡᠢ ᠪᠥᠭᠡᠳ ᠬᠡᠦᠭᠡᠳ ᠪᠠᠭᠠᠴᠣᠳ ᠂ ᠵᠠᠯᠠᠭᠣ ᠢᠳᠡᠷ ᠂ ᠬᠥᠭᠰᠢᠳ ᠨᠠᠰᠣᠳᠠᠳ ᠭᠡᠰᠡᠨ ᠦᠭᠡᠢ ᠴᠥᠮ ᠨᠠᠭᠠᠳᠳᠠᠭ ᠣᠨᠴᠠᠯᠢᠭ  ᠲᠠᠢ ᠃ ᠱᠠᠭ᠎ᠠ ᠵᠢ ᠭᠣᠣᠯᠳᠠᠭᠣ ᠨᠠᠮᠣᠷ ᠂ ᠡᠪᠦᠯ  ᠤᠨ ᠤᠯᠠᠷᠢᠯ  ᠳᠤ ᠨᠠᠭᠠᠳᠴᠤ ᠂ ᠬᠠᠪᠣᠷ ᠂ ᠵᠣᠨ  ᠤ ᠤᠯᠠᠷᠢᠯ  ᠳᠤ ᠨᠠᠭᠠᠳᠬᠣ ᠵᠢ ᠴᠡᠭᠡᠷᠯᠡᠳᠡᠭ ᠶᠣᠰᠣᠨ ᠪᠤᠢ ᠃ ︽ ᠬᠠᠪᠣᠷ ᠱᠠᠭ᠎ᠠ ᠨᠠᠭᠠᠳᠪᠠᠯ ᠲᠥᠯ ᠮᠠᠶᠢᠬᠢ ᠪᠣᠯᠣᠨ᠎ᠠ ᠂ ᠵᠣᠨ ᠱᠠᠭ᠎ᠠ ᠨᠠᠭᠠᠳᠪᠠᠯ ᠮᠥᠨᠳᠥᠷ ᠣᠷᠣᠨ᠎ᠠ ︾ ᠭᠡᠵᠣ ᠬᠡᠯᠡᠳᠡᠭ ᠃

ᠱᠠᠭ᠎ᠠ ᠵᠢ ᠨᠠᠭᠠᠳᠬᠣ  ᠨᠢ ᠬᠡᠦᠭᠡᠳ ᠪᠠᠭᠠᠴᠣᠳ  ᠢ ᠮᠠᠯᠵᠢᠬᠣ ᠠᠮᠢᠳᠣᠷᠠᠯ  ᠲᠠᠢ ᠣᠶᠢᠷᠠᠳᠣᠭᠣᠯᠵᠣ ᠂ ᠲᠡᠳᠡᠨ  ᠢ ᠬᠠᠷᠠᠬᠠᠨ ᠪᠠᠭ᠎ᠠ  ᠡᠴᠡ  ᠨᠢ ᠮᠠᠯ ᠤᠨᠤᠭ᠎ᠠ ᠪᠠᠨ ᠬᠠᠶᠢᠷᠠᠯᠠᠬᠣ ᠲᠠᠳᠬᠠᠯ  ᠲᠠᠢ ᠪᠣᠯᠭᠠᠵᠣ ᠂ ᠬᠥᠳᠡᠯᠭᠡᠭᠡᠨ ᠪᠣᠰᠢᠭᠣ ᠂ ᠨᠢᠳᠦ ᠬᠣᠷᠴᠠ ᠂ ᠤᠬᠠᠭᠠᠨ ᠰᠡᠷᠭᠦᠯᠡᠩ ᠦᠰᠦᠨ ᠪᠣᠶᠢᠵᠢᠬᠣ ᠳ᠋ᠣᠨᠢ ᠲᠣᠰᠠᠳᠠᠢ ᠪᠠᠶᠢᠳᠠᠭ ᠃ ᠱᠠᠭ᠎ᠠ ᠵᠢ ᠣᠷᠬᠢᠬᠣ ᠂ ᠣᠷᠣᠯᠳᠣᠬᠣ ᠂ ᠨᠢᠰᠠᠯᠠᠬᠣ ᠂ ᠲᠣᠭᠠᠯᠠᠬᠣ ᠂ ᠲᠠᠭᠠᠯᠴᠠᠬᠣ ᠂ ᠬᠠᠷᠪᠣᠬᠣ ᠂ ᠪᠠᠷᠢᠯᠳᠣᠭᠣᠯᠬᠣ ᠂ ᠮᠥᠷᠭᠦᠯᠳᠦᠭᠦᠯᠬᠦ ᠵᠡᠷᠭᠡ ᠵᠠᠭᠣ ᠭᠠᠷᠣᠢ ᠵᠦᠢᠯ  ᠢᠶᠡᠷ  ᠭᠡᠷ  ᠲᠤ ᠪᠤᠶᠤ ᠭᠠᠳᠠᠨ᠎ᠠ ᠴᠥᠮ ᠨᠠᠭᠠᠳᠴᠤ ᠪᠣᠯᠳᠠᠭ ᠃ ᠲᠡᠶᠢᠮᠦ ᠪᠥᠭᠡᠳ ᠨᠢᠭᠡ ᠤᠳᠠᠭ᠎ᠠ  ᠳᠤ ᠭᠠᠭᠴᠠ ᠱᠠᠭ᠎ᠠ ᠪᠠᠷ ᠨᠠᠭᠠᠳᠴᠤ ᠪᠣᠯᠬᠣ ᠮᠥᠷᠳᠡᠭᠡᠨ ᠬᠡᠳᠦᠨ ᠵᠠᠭᠣᠨ ᠱᠠᠭ᠎ᠠ ᠵᠢ ᠴᠣ ᠨᠡᠶᠢᠯᠡᠬᠦᠯᠦᠨ ᠥᠷᠥᠵᠣ ᠨᠠᠭᠠᠳᠴᠤ ᠪᠣᠯᠳᠠᠭ ᠃

ᠪᠠᠰᠠ ᠨᠢᠭᠡᠨ ᠰᠣᠨᠢᠷᠬᠠᠯᠳᠠᠢ ᠵᠦᠢᠯ ᠭᠡᠪᠡᠯ ᠂ ᠮᠣᠩᠭᠣᠯᠴᠣᠳ ᠱᠠᠭ᠎ᠠ ᠵᠢ ᠲᠠᠪᠣᠨ ᠬᠣᠰᠢᠭᠣ ᠮᠠᠯ  ᠤᠨ ᠨᠡᠷ᠎ᠡ ᠪᠠᠷ ᠨᠡᠷᠡᠯᠡᠳᠡᠭ ᠪᠥᠭᠡᠳ ᠬᠦᠢᠰᠦ ᠢᠯᠭᠠᠨ ᠨᠡᠷᠡᠯᠡᠳᠡᠭ ᠃ ᠵᠢᠱᠢᠶᠡᠯᠡᠪᠡᠯ ᠂ ᠮᠣᠷᠢᠨ ᠲᠠᠯ᠎ᠠ ᠵᠢᠨ ᠬᠣᠰᠢᠭᠣᠯᠵᠢᠨ ᠶᠠᠰᠣ  ᠨᠢ ᠵᠥᠪ ᠲᠡᠰᠢ ᠬᠠᠨᠳᠣᠭᠰᠠᠨ  ᠢ ︽ ᠭᠡᠭᠦᠦ ︾ ᠂ ᠪᠤᠷᠣᠭᠣ ᠲᠡᠰᠢ ᠬᠠᠨᠳᠣᠭᠰᠠᠨ  ᠢ ︽ ᠮᠣᠷᠢ ︾ ᠂ ᠲᠡᠮᠡᠭᠡᠨ ᠲᠠᠯ᠎ᠠ ᠵᠢᠨ ᠵᠥᠪ ᠲ᠋ᠡᠰᠢ ᠬᠠᠨᠳᠣᠭᠰᠠᠨ  ᠢ   ︽ ᠢᠩᠭᠡ ︾ ᠂ ᠪᠤᠷᠤᠭᠤ ᠲᠡᠰᠢ ᠬᠠᠨᠳᠣᠭᠰᠠᠨ  ᠢ ︽ ᠠᠳᠠ ︾ ᠬᠡᠮᠡᠨ ᠨᠡᠷᠡᠯᠡᠳᠡᠭ ᠃

( ᠳᠡᠭᠡᠷᠡᠬᠢ  ᠶᠢ ︽ ᠮᠣᠩᠭᠣᠯ ᠬᠦᠮᠦᠨ  ᠤ ᠢᠵᠠᠭᠣᠷ ᠲᠣᠭᠯᠠᠭᠠᠮ ︱ ᠱᠠᠭ᠎ᠠ ︾ ᠨᠣᠮ  ᠡᠴᠡ ᠠᠰᠢᠯᠡᠪᠡ )

 

ᠵᠠᠯᠭᠠᠭᠠᠳ ᠱᠠᠭ᠎ᠠ ᠵᠢ ᠨᠠᠭᠠᠳᠬᠣ ᠨᠡᠶᠢᠳᠡᠯᠢᠭ ᠬᠡᠳᠦᠨ ᠠᠷᠭ᠎ᠠ ᠵᠢ ᠲᠠᠨᠢᠯᠴᠠᠭᠣᠯᠣᠶ᠎ᠠ ᠃

 

ᠮᠣᠷᠢ ᠤᠷᠣᠯᠳᠣᠭᠣᠯᠬᠣ

 

2

 

ᠱᠠᠭ᠎ᠠ ᠪᠠᠷ ᠮᠣᠷᠢ ᠵᠢ ᠣᠷᠣᠯᠠᠭᠣᠯᠵᠣ ᠂ ᠬᠣᠶᠠᠷ  ᠡᠴᠡ ᠳᠥᠷᠪᠡᠨ ᠬᠥᠮᠦᠨ ᠣᠷᠣᠯᠴᠠᠬᠣ ᠱᠠᠭ᠎ᠠ ᠲᠣᠭᠯᠠᠭᠠᠮ  ᠤᠨ ᠨᠢᠭᠡᠨ ᠵᠦᠢᠯ ᠃ ᠨᠠᠭᠠᠳᠬᠣ  ᠳᠠᠭᠠᠨ ᠨᠢᠭᠡ ᠪᠦᠯᠦᠭ ᠱᠠᠭ᠎ᠠ ᠵᠢ ᠣᠪᠣᠭᠠᠯᠠᠨ ᠪᠣᠰᠬᠠᠵᠣ ᠣᠪᠣᠭ᠎ᠠ ᠭᠡᠵᠣ ᠨᠡᠷᠡᠯᠡᠳᠡᠭ ᠃ ᠣᠪᠣᠭ᠎ᠠ  ᠲᠠᠢ ᠱᠠᠭ᠎ᠠ ᠵᠢ ᠮᠣᠷᠢᠨ ᠲᠠᠯ᠎ᠠ ᠵᠢ  ᠨᠢ ᠲᠡᠭᠡᠭᠰᠢ ᠬᠠᠨᠳᠣᠭᠣᠯᠣᠨ ᠨᠢᠭᠡ ᠴᠣᠪᠣᠭ᠎ᠠ ᠥᠷᠥᠨ᠎ᠡ ᠃ ᠱᠠᠭ᠎ᠠ ᠵᠢᠨ ᠣᠯᠠᠨ ᠴᠥᠭᠡᠨ  ᠢ ᠦᠨᠳᠦᠰᠦᠯᠡᠵᠣ 1-3 ᠲᠣᠬᠣᠢ ᠣᠷᠴᠢᠮ ᠴᠣᠪᠣᠷᠠᠭᠣᠯᠳᠠᠭ ᠃ ᠲᠣᠭᠯᠠᠭᠠᠮ  ᠳᠤ ᠣᠷᠣᠯᠴᠠᠭ᠎ᠠ ᠬᠥᠮᠦᠰ ᠱᠠᠭ᠎ᠠ ᠪᠠᠨ ᠴᠥᠮ ᠮᠣᠷᠢᠨ ᠲ᠋ᠠᠯ᠎ᠠ ᠪᠠᠷ  ᠨᠢ ᠪᠣᠰᠬᠠᠵᠣ ᠂ ᠴᠣᠪᠣᠭ᠎ᠠ ᠱᠠᠭ᠎ᠠ ᠵᠢᠨ ᠢᠨᠠᠳᠣ ᠦᠵᠦᠭᠦᠷ  ᠲᠤ ᠣᠪᠣᠭ᠎ᠠ ᠥᠭᠡᠳᠡ ᠬᠠᠨᠳᠣᠭᠣᠯᠣᠨ ᠲᠠᠯᠪᠢᠵᠣ ᠣᠷᠣᠯᠳᠣᠭᠠᠨ  ᠤ ᠡᠬᠢᠯᠡᠯᠲᠡ  ᠵᠢᠨ ᠴᠡᠭ ᠪᠣᠯᠭᠠᠨ᠎ᠠ ᠃ ᠢᠩᠬᠢᠭᠡᠳ ᠨᠢᠭᠡ  ᠨᠢ ᠡᠬᠢᠯᠡᠨ ᠡᠭᠡᠯᠵᠢ  ᠪᠠᠷ ᠥᠭᠡᠷ᠎ᠡ 4 ᠱᠠᠭ᠎ᠠ ᠣᠷᠬᠢᠵᠣ 1 ᠮᠣᠷᠢ ᠪᠠᠭᠣᠭᠰᠠᠨ ᠪᠣᠯ 1 ᠂ 2 ᠮᠣᠷᠢ ᠪᠠᠭᠣᠭᠰᠠᠨ ᠪᠣᠯ 2 ᠂ 3 ᠮᠣᠷᠢ ᠪᠠᠭᠣᠭᠰᠠᠨ ᠪᠣᠯ 3 ᠂ 4 ᠮᠣᠷᠢ ᠪᠠᠭᠤᠭᠰᠠᠨ ᠪᠣᠯ 4 ᠪᠠᠷ ᠲᠤᠰ ᠲᠤᠰ ᠴᠣᠪᠣᠭ᠎ᠠ ᠱᠠᠭ᠎ᠠ ᠵᠢᠨ ᠳᠠᠭᠠᠤ ᠰᠢᠯᠵᠢᠭᠦᠯᠦᠨ᠎ᠡ ᠃ ᠡᠭᠡᠯᠵᠢᠯᠡᠨ  ᠰᠢᠯᠵᠢᠭᠦᠯᠦᠭᠰᠡᠭᠡᠷ ᠪᠠᠶᠢᠭᠠᠳ ᠬᠡᠨ  ᠤ ᠬᠢᠨᠢ ᠣᠷᠣᠯᠳᠣᠭᠠᠨ  ᠤ ᠮᠣᠷᠢ ᠣᠪᠣᠭᠠᠨ  ᠤ ᠵᠠᠬ᠎ᠠ  ᠳᠤ ᠲᠣᠯᠪᠠᠯ ᠲᠡᠷᠡ  ᠨᠢ ᠣᠷᠣᠯᠳᠣᠭᠠᠨ  ᠤ ᠮᠣᠷᠢ ᠪᠠᠨ ᠠᠳᠬᠣᠨ ᠠᠪᠴᠣ ᠂ ᠣᠪᠣᠭ᠎ᠠ ᠵᠢ ᠭᠣᠷᠪᠠ ᠲᠣᠭᠣᠷᠢᠭᠣᠯᠣᠨ ᠡᠷᠭᠢᠭᠦᠯᠵᠦ  ᠂  ᠤᠳᠠᠭᠠᠨ  ᠤ ᠣᠷᠣᠯᠳᠣᠭᠠᠨ  ᠳᠤ ᠲᠦᠷᠦᠭᠦᠯᠡᠭᠰᠡᠨ  ᠢᠶᠠᠨ ᠭᠠᠶᠢᠬᠠᠭᠣᠯᠵᠣ ᠬᠣᠨᠵᠢᠭᠰᠠᠨ  ᠢᠶᠡᠨ  ᠮᠡᠳᠡᠭᠳᠡᠳᠡᠭ ᠃ ᠡᠨᠡ  ᠬᠦ ᠱᠠᠭ᠎ᠠ ᠨᠠᠭᠠᠳᠣᠮ  ᠳᠤ ᠮᠣᠩᠭᠣᠯᠴᠣᠳ  ᠤᠨ ᠣᠪᠣᠭᠠᠨ ᠲ᠋ᠠᠬᠢᠯᠭ᠎ᠠ ᠪᠤᠶᠤ ᠨᠠᠶᠢᠷ ᠴᠤᠭᠯᠠᠭ᠎ᠠ  ᠳᠠᠬᠢ ᠮᠣᠷᠢ ᠣᠷᠣᠯᠳᠣᠬᠣ ᠰᠣᠶᠣᠯ  ᠤᠨ ᠠᠮᠢᠳᠣᠷᠠᠯ ᠲᠣᠰᠬᠠᠭᠳᠠᠵᠣ ᠪᠠᠶᠢᠳᠠᠭ ᠃

ᠪᠥᠭᠡ ᠪᠠᠷᠢᠯᠳᠣᠭᠣᠯᠬᠣ

ᠱᠠᠭ᠎ᠠ ᠪᠠᠷ ᠬᠦᠮᠦᠨ  ᠢ ᠣᠷᠣᠯᠠᠭᠣᠯᠣᠭᠰᠠᠨ ᠬᠣᠶᠠᠷ  ᠡᠴᠡ ᠲᠡᠭᠡᠭᠰᠢ ᠬᠥᠮᠦᠨ ᠨᠠᠭᠠᠳᠬᠣ ᠱᠠᠭ᠎ᠠ ᠲᠣᠭᠯᠠᠭᠠᠮ  ᠤᠨ ᠨᠢᠭᠡ ᠵᠦᠢᠯ ᠃ ᠲᠣᠭᠯᠠᠭᠠᠮ  ᠳᠤ ᠣᠷᠣᠯᠴᠠᠭ᠎ᠠ ᠬᠦᠮᠦᠰ ᠤᠷᠢᠳᠠ ᠪᠠᠷ ᠥᠪᠡᠷ  ᠤᠨ ᠪᠥᠭᠡ ᠲᠡᠮᠳᠡᠭ  ᠲᠠᠢ ᠱᠠᠭ᠎ᠠ ᠪᠠᠨ ᠠᠪᠴᠣ ᠪᠥᠭᠡ ᠵᠢᠨ ᠤᠷᠣᠯᠳᠣᠭᠠᠨ  ᠳᠤ ᠣᠷᠣᠯᠴᠠᠭᠣᠯᠳᠠᠭ ᠃ 16 ᠂ 32 ᠂ 64 ᠂ 128 ᠂ 256 ᠂ 512 ᠭᠡᠬᠦ ᠮᠡᠳᠦ ᠪᠠᠷ ᠱᠠᠭ᠎ᠠ ᠪᠠᠨ ᠵᠢᠭᠰᠠᠭᠠᠨ ᠮᠣᠩᠭᠣᠯ ᠪᠥᠭᠡ ᠪᠠᠷᠢᠯᠳᠣᠬᠣ ᠮᠠᠶ᠋ᠢᠭ  ᠢᠶᠡᠷ  ᠨᠠᠭᠠᠳᠳᠠᠭ ᠃ ᠱᠠᠭ᠎ᠠ ᠬᠠᠶᠠᠬᠣ  ᠳᠠᠭᠠᠨ ᠵᠠᠪᠠᠯ ᠬᠣᠣᠰ  ᠢᠶᠡᠷ  ᠬᠠᠶᠠᠵᠣ ᠂ ᠭᠡᠨ  ᠤ ᠬᠢᠨᠢ ᠲᠡᠮᠳᠡᠭ  ᠲᠠᠢ ᠱᠠᠭ᠎ᠠ ᠮᠣᠷᠢ ᠪᠣᠰᠪᠠᠯ ᠲᠡᠭᠦᠨ  ᠢ ᠪᠥᠭᠡ ᠳᠠᠪᠠᠭᠰᠠᠨ ᠭᠡᠳᠡᠭ ᠃ ᠮᠣᠷᠢ  ᠡᠴᠡ ᠠᠰᠳᠠᠭᠠᠨ ᠲᠡᠮᠡᠭᠡ ᠂ ᠬᠣᠨᠢ ᠂ ᠢᠮᠠᠭ᠎ᠠ ᠭᠠᠷᠪᠠᠯ ᠪᠥᠭᠡ ᠤᠨᠠᠭᠰᠠᠨ ᠭᠡᠳᠡᠭ ᠃ ᠮᠣᠩᠭᠣᠯ ᠪᠥᠭᠡ ᠵᠢᠨ ᠪᠠᠷᠢᠯᠳᠣᠬᠣ ᠶᠣᠰᠣᠭᠠᠷ ᠳᠠᠪᠠᠭᠰᠠᠨ ᠪᠥᠭᠡ ᠨᠣᠭᠦᠳ  ᠢ ᠬᠣᠭᠣᠷᠣᠨᠳᠣ  ᠨᠢ ᠳᠠᠬᠢᠨ ᠪᠠᠷᠢᠯᠳᠣᠭᠣᠯᠵᠣ ᠨᠣᠭᠣᠯᠣᠭᠰᠠᠭᠠᠷ ᠳᠡᠭᠡᠳᠦ ᠨᠠᠢᠮᠠ  ᠵᠢ ᠰᠢᠯᠭᠠᠷᠠᠭᠣᠯᠵᠣ ᠂ ᠬᠠᠮᠣᠭ  ᠤᠨ ᠰᠡᠭᠦᠯ  ᠳᠤ ᠲᠡᠷᠢᠭᠦᠨ ᠳᠡᠳ᠋  ᠢ ᠰᠢᠯᠭᠠᠷᠠᠭᠣᠯᠣᠨ ᠲᠣᠭᠯᠠᠭᠠᠮ  ᠢᠶᠡᠨ  ᠲᠡᠭᠦᠰᠭᠡᠳᠡᠭ ᠃

 

ᠠᠵᠠ ᠵᠢᠨ ᠭᠣᠷᠪᠠ ᠣᠷᠬᠢᠬᠣ

3 ᠱᠠᠭ᠎ᠠ ᠣᠷᠬᠢᠵᠣ ᠂ ᠬᠡᠶᠢᠮᠦᠷᠢ ᠪᠠᠨ ᠰᠢᠯᠭᠠᠬᠣ ᠨᠢᠭᠡ ᠵᠦᠢᠯ  ᠤᠨ ᠲᠣᠭᠯᠠᠭᠠᠮ ᠃ ᠡᠨᠡ  ᠲᠣᠭᠯᠠᠭᠠᠮ  ᠢ ᠲᠣᠭᠯᠠᠬᠣ  ᠳᠤ ᠬᠣᠶᠠᠷ  ᠡᠴᠡ ᠲᠡᠭᠡᠭᠰᠢ ᠬᠦᠮᠦᠨ ᠣᠷᠣᠯᠴᠠᠵᠣ ᠪᠣᠯᠳᠠᠭ ᠃ 3 ᠱᠠᠭ᠎ᠠ ᠵᠢ ᠡᠭᠡᠯᠵᠢᠯᠡᠨ  ᠣᠷᠬᠢᠭᠰᠠᠭᠠᠷ ᠬᠡᠨ  ᠨᠢ ᠭᠣᠷᠪᠠᠭᠣᠯᠠ  ᠶᠢ ᠮᠣᠷᠢ ᠪᠠᠭᠣᠯᠭᠠᠪᠠᠯ ᠬᠡᠨ  ᠤ ᠬᠡᠶᠢᠮᠦᠷᠢ ᠰᠠᠶᠢᠨ ᠭᠡᠵᠣ ᠦᠵᠡᠳᠡᠭ ᠃ ᠴᠠᠭᠠᠨ ᠰᠠᠷ᠎ᠠ ᠪᠤᠶᠤ ᠨᠠᠶᠢᠷ ᠨᠠᠭᠠᠳᠣᠮ  ᠤᠨ ᠴᠠᠭ  ᠲᠤ ᠣᠯᠠᠨ ᠨᠠᠭᠠᠳᠳᠠᠭ᠃ ᠵᠠᠯᠠᠭᠣ ᠪᠠᠭᠠᠴᠣᠳ ᠥᠪᠡᠷ  ᠤᠨ  ᠢᠶᠡᠨ  ᠬᠡᠶᠢᠮᠦᠷᠢ ᠪᠠᠨ ᠰᠢᠯᠭᠠᠵᠣ ᠂ ᠬᠡᠶᠢᠮᠣᠷᠢ  ᠲᠠᠢ ᠶᠠᠪᠣᠬᠣ ᠵᠢ ᠬᠦᠰᠡᠮᠵᠢᠯᠡᠨ ᠠᠵᠠ ᠵᠢᠨ ᠭᠤᠷᠪᠠ ᠣᠷᠬᠢᠵᠠᠭᠠᠵᠣ ᠂ ᠭᠣᠷᠪᠠᠭᠣᠯᠠ ᠵᠢ ᠮᠣᠷᠢ ᠪᠠᠭᠣᠯᠭᠠᠵᠣ ᠴᠢᠳᠠᠬᠣ ᠮᠥᠷᠳᠡᠭᠡᠨ ᠬᠡᠳᠦ ᠲ᠋ᠠᠬᠢᠨ ᠪᠠᠭᠣᠪᠠᠯ ᠪᠥᠷ ᠴᠣ ᠶᠡᠭᠡ ᠪᠠᠶᠠᠷᠯᠠᠵᠣ ᠣᠮᠣᠭᠰᠢᠳᠠᠭ ᠃

 

ᠳᠥᠷᠪᠡᠨ ᠪᠡᠷᠭᠡ ᠬᠠᠶᠠᠬᠣ
3

ᠬᠡᠳᠦᠨ ᠬᠦᠮᠦᠨ ᠴᠣ ᠨᠠᠭᠠᠳᠴᠤ ᠪᠣᠯᠳᠠᠭ ᠱᠠᠭ᠎ᠠ ᠲᠣᠭᠯᠠᠭᠠᠮ  ᠤᠨ ᠨᠢᠭᠡ ᠵᠦᠢᠯ ᠃ ᠲᠣᠰ ᠲᠣᠭᠯᠠᠭᠠᠮ  ᠢ 4 ᠱᠠᠭ᠎ᠠ ᠪᠠᠷ ᠨᠠᠭᠠᠳᠳᠠᠭ ᠃ ᠲᠥᠷᠪᠡᠨ ᠪᠡᠷᠭᠡ ᠭᠡᠳᠡᠭ  ᠨᠢ ᠮᠣᠷᠢ ᠂ ᠬᠣᠨᠢ ᠂ ᠲᠡᠮᠡᠭᠡ ᠂ ᠢᠮᠠᠭ᠎ᠠ ( ᠦᠭᠡᠷ ) ᠵᠢ ᠨᠢᠭᠡ ᠯᠠ ᠲᠡᠭᠡᠷ᠎ᠡ ᠬᠠᠶᠠᠵᠣ ᠪᠥᠷᠢᠯᠳᠦᠭᠦᠯᠬᠦ ᠵᠢ ᠬᠡᠯᠡᠨ᠎ᠡ ᠃ ᠨᠠᠭᠠᠳᠣᠮ  ᠳᠤ ᠣᠷᠣᠯᠴᠠᠭᠰᠠᠨ ᠬᠥᠮᠦᠰ 4 ᠱᠠᠭ᠎ᠠ ᠵᠢ ᠡᠭᠡᠯᠵᠢᠯᠡᠨ  ᠬᠠᠶᠠᠵᠣ ᠬᠡᠨ  ᠨᠢ ᠤᠷᠢᠳᠠ ᠪᠠᠷ 4 ᠪᠡᠷᠭᠡ ᠵᠢ ᠬᠠᠶᠠᠵᠣ ᠪᠥᠷᠢᠯᠳᠦᠭᠦᠯᠪᠡᠯ ᠨᠢᠭᠡ ᠤᠳᠠᠭ᠎ᠠ ᠱᠦᠭᠦᠭᠰᠡᠨ  ᠢᠶᠡᠷ  ᠲᠣᠭᠠᠴᠠᠨ᠎ᠠ ᠃ ᠨᠢᠭᠡ ᠤᠳᠠᠭ᠎ᠠ ᠱᠦᠭᠦᠪᠡᠯ ᠬᠡᠴᠢᠨᠡᠨ ᠱᠠᠭ᠎ᠠ ᠵᠢ ᠪᠣᠰᠣᠳ  ᠡᠴᠡ ᠬᠣᠨᠵᠢᠨ ᠠᠪᠬᠣ ᠭᠡᠳᠡᠭ  ᠢᠶᠡᠨ  ᠤᠷᠢᠳᠠ ᠪᠠᠷ ᠲᠣᠭᠳᠠᠭᠰᠠᠨ ᠪᠠᠶᠢᠳᠠᠭ ᠃ ᠬᠡᠳᠦᠨ ᠤᠳᠠᠭ᠎ᠠ ᠨᠠᠭᠠᠳᠣᠭᠰᠠᠨ  ᠤ ᠳᠠᠷᠠᠭ᠎ᠠ ᠬᠡᠨ  ᠤ ᠬᠢᠨᠢ ᠬᠣᠨᠵᠢᠭᠰᠠᠨ ᠱᠠᠭ᠎ᠠ ᠠᠷᠪᠢᠨ ᠪᠣᠯ ᠲᠡᠭᠦᠨ  ᠢ ᠡᠴᠦᠰ  ᠤᠨ ᠢᠯᠠᠯᠳᠠ ᠣᠯᠣᠭᠰᠠᠨ  ᠢᠶᠡᠷ  ᠲᠣᠭᠠᠴᠠᠳᠠᠭ ᠃

 

ᠪᠥᠭᠡ ᠴᠡᠭᠡ ᠨᠢᠰᠠᠯᠬᠤ

ᠲᠣᠭᠯᠠᠭᠠᠮ  ᠳᠤ ᠣᠷᠣᠯᠴᠠᠭ᠎ᠠ ᠬᠦᠮᠦᠰ ᠲᠡᠩᠴᠡᠭᠦᠦ ᠲᠣᠭ᠎ᠠ  ᠲᠠᠢ ᠱᠠᠭ᠎ᠠ ᠨᠣᠭᠣᠳ  ᠢᠶᠡᠨ  ᠨᠡᠶᠢᠯᠡᠬᠦᠯᠦᠨ ᠲᠠᠷᠬᠠᠭᠠᠨ ᠣᠷᠬᠢᠵᠣ ᠂ ᠢᠵᠢᠯ ᠢᠵᠢᠯ  ᠢᠶᠡᠷ   ᠨᠢ ᠨᠢᠰᠠᠯᠬᠣ ᠲᠣᠭᠯᠠᠭᠠᠮ ᠃ ᠡᠭᠦᠨ   ᠢ ᠪᠠᠰᠠ ᠬᠣᠭᠣᠷᠣᠨᠳᠣ  ᠨᠢ ᠬᠣᠷᠣᠭᠣ ᠪᠠᠷ  ᠢᠶᠡᠨ  ᠲ᠋ᠡᠶᠢᠷᠭᠡᠬᠦ ᠭᠡᠳᠡᠭ ᠃ ᠪᠥᠭᠡ ᠨᠢᠰᠠᠯᠬᠣ ᠭᠡᠳᠡᠭ  ᠨᠢ ᠱᠠᠭ᠎ᠠ ᠵᠢᠨ ᠬᠣᠨᠢᠨ ᠲᠠᠯ᠎ᠠ ᠵᠢ ᠨᠢᠰᠠᠯᠬᠣ ᠵᠢ ᠵᠢᠭᠠᠳᠠᠭ ᠃ ᠴᠡᠭᠡ ᠨᠢᠰᠠᠯᠬᠣ ᠭᠡᠳᠡᠭ  ᠨᠢ ᠢᠮᠠᠭᠠᠨ ᠲᠠᠯ᠎ᠠ ᠵᠢ ᠨᠢᠰᠠᠯᠬᠣ ᠵᠢ ᠵᠢᠭᠠᠳᠠᠭ ᠃ ᠡᠭᠦᠨ   ᠢ ᠬᠣᠶᠠᠷ  ᠡᠴᠡ ᠲᠡᠭᠡᠭᠰᠢ ᠬᠦᠮᠦᠨ ᠨᠠᠭᠠᠳᠳᠠᠭ ᠃ ᠨᠠᠭᠠᠳᠬᠣ  ᠳᠠᠭᠠᠨ ᠠᠯᠳᠠᠬᠣ ᠦᠭᠡᠢ ᠨᠢᠰᠠᠯᠵᠣ ᠲᠡᠶᠢᠯᠪᠡᠯ ᠣᠨᠣᠭᠰᠠᠨ ᠱᠠᠭ᠎ᠠ ᠪᠥᠭᠦᠨ  ᠢ ᠠᠪᠴᠣ ᠪᠣᠯᠳᠠᠭ ᠂ ᠠᠯᠳᠠᠪᠠᠯ ᠲᠠᠷᠠᠭᠠᠴᠢ ᠵᠢᠨ ᠬᠦᠮᠦᠨ  ᠤ ᠨᠢᠰᠠᠯᠬᠣ ᠡᠭᠡᠯᠵᠢ  ᠪᠣᠯᠣᠨ᠎ᠠ ᠃ ᠪᠦᠭᠦ ᠱᠠᠭ᠎ᠠ ᠵᠢ ᠠᠪᠴᠣ ᠲᠠᠭᠣᠰᠬᠠᠪᠠᠯ ᠲᠣᠭᠯᠠᠭᠠᠮ  ᠤᠨ ᠨᠢᠭᠡᠳᠦᠭᠡᠷ ᠡᠭᠡᠯᠵᠢ  ᠲᠡᠭᠦᠰᠳᠡᠭ ᠃ ᠳᠠᠷᠠᠭ᠎ᠠ ᠡᠭᠡᠯᠵᠢ   ᠳᠤ ᠴᠥᠭᠡᠨ ᠱᠠᠭ᠎ᠠ  ᠲᠠᠢ ᠬᠦᠮᠦᠨ  ᠤ ᠲᠣᠭ᠎ᠠ ᠪᠠᠷ ᠲᠣᠭᠯᠠᠭᠠᠮ ᠳᠤ ᠣᠷᠣᠯᠴᠠᠭ᠎ᠠ ᠬᠦᠮᠦᠰ ᠱᠠᠭ᠎ᠠ ᠪᠠᠨ ᠳᠠᠬᠢᠨ ᠨᠡᠶᠢᠯᠡᠬᠦᠯᠦᠨ ᠨᠠᠭᠠᠳᠳᠠᠭ ᠃ ᠨᠠᠭᠠᠳᠬᠣ ᠶᠠᠪᠣᠴᠠ  ᠳᠤ ᠠᠯᠢ ᠨᠢᠭᠡᠨ ᠳ᠋ᠣᠨᠢ ᠨᠢᠭᠡ ᠱᠠᠭ᠎ᠠ ᠦᠯᠡᠳᠡᠪᠡᠯ ᠲᠡᠭᠦᠨ  ᠢᠶᠡᠨ  ᠠᠮᠢ ᠵᠣᠯᠭᠠᠬᠣ ᠭᠡᠵᠣ ᠲᠣᠭᠯᠠᠭᠠᠮ  ᠳᠤ ᠣᠷᠣᠯᠴᠠᠭ᠎ᠠ ᠪᠣᠰᠣᠳ ᠬᠦᠮᠦᠨ  ᠤ ᠨᠢᠭᠡ ᠨᠢᠭᠡ ᠱᠠᠭ᠎ᠠ  ᠲᠠᠢ ᠨᠡᠶᠢᠯᠡᠬᠦᠯᠦᠨ ᠨᠠᠭᠠᠳᠳᠠᠭ ᠃ ᠠᠯᠢ ᠨᠢᠭᠡᠨ ᠬᠦᠮᠦᠨ ᠨᠢᠭᠡ ᠴᠣ ᠱᠠᠭ᠎ᠠ ᠠᠪᠴᠣ ᠲᠡᠶᠢᠯᠬᠦ ᠦᠭᠡᠢ ᠪᠣᠯ ᠲ᠋ᠣᠭᠯᠠᠭᠠᠮ  ᠡᠴᠡ ᠭᠠᠷᠣᠨ᠎ᠠ ᠃ ᠢᠩᠬᠢᠵᠣ ᠨᠠᠭᠠᠳᠣᠭᠰᠠᠭᠠᠷ ᠪᠠᠶᠢᠵᠣ ᠂ ᠬᠠᠮᠣᠭ  ᠤᠨ ᠰᠡᠭᠦᠯ ᠳ᠋ᠣᠨᠢ ᠣᠯᠠᠨ ᠱᠠᠭ᠎ᠠ  ᠲᠠᠢ ᠬᠦᠮᠦᠨ  ᠢ  ᠬᠣᠨᠵᠢᠭᠰᠠᠨ  ᠢᠶᠡᠷ  ᠪᠣᠳᠣᠳᠠᠭ ᠃ ᠲᠤᠰ ᠲᠣᠭᠯᠠᠭᠠᠮ  ᠤᠨ ᠵᠢᠷᠣᠮᠯᠠᠬᠣ ᠵᠦᠢᠯ ᠣᠯᠠᠨ ᠪᠠᠶᠢᠳᠠᠭ ᠃ ᠠᠯᠢ ᠴᠣ ᠭᠠᠷ  ᠢᠶᠡᠷ  ᠪᠦᠷ ᠨᠢᠰᠠᠯᠵᠣ ᠪᠣᠯᠬᠣ ᠪᠣᠯᠪᠠᠴᠣ ᠣᠨᠣᠭᠰᠠᠨ ᠱᠠᠭ᠎ᠠ ᠵᠢ ᠨᠢᠰᠠᠯᠣᠭᠰᠠᠨ ᠭᠠᠷ  ᠠᠪᠴᠣ ᠪᠣᠯᠬᠣ ᠦᠭᠡᠢ ᠂ ᠣᠨᠣᠭᠳᠠᠭᠰᠠᠨ ᠱᠠᠭ᠎ᠠ ᠵᠢ ᠠᠪᠴᠣ ᠪᠣᠯᠬᠣ ᠦᠭᠡᠢ ᠂ ᠨᠢᠰᠠᠯᠠᠬᠣ ᠱᠠᠭ᠎ᠠ ᠪᠠᠷ ᠥᠭᠡᠷ᠎ᠡ ᠱᠠᠭ᠎ᠠ ᠵᠢ ᠬᠥᠨᠳᠡᠵᠣ ᠪᠣᠯᠬᠣ ᠦᠭᠡᠢ ᠂ ᠲᠠᠷᠬᠠᠭᠠᠨ ᠬᠠᠶᠠᠭᠰᠠᠨ ᠱᠠᠭ᠎ᠠ ᠪᠥᠭᠦᠳᠡ ᠢᠵᠢᠯ ᠲᠠᠯ᠎ᠠ ᠪᠠᠷ  ᠢᠶᠡᠨ  ᠪᠠᠭᠣᠪᠠᠯ ᠪᠤᠯᠢᠶᠠᠯᠴᠠᠨ ᠠᠪᠣᠨ᠎ᠠ ᠃ ᠬᠡᠷᠪᠡ ᠬᠣᠶᠠᠷ ᠮᠣᠷᠢᠨ  ᠤ ᠬᠣᠭᠣᠷᠣᠨᠳᠣ ᠨᠢᠭᠡ ᠬᠣᠨᠢ ᠪᠤᠶᠤ ᠲᠡᠮᠡᠭᠡ ᠪᠠᠭᠣᠪᠠᠯ ᠬᠣᠶᠠᠷ ᠮᠣᠷᠢ ᠵᠢ ᠬᠣᠭᠣᠷᠣᠨᠳᠣ  ᠨᠢ ᠨᠢᠰᠠᠯᠣᠨ᠎ᠠ ᠃ ᠪᠠᠷᠠᠭᠣᠨ ᠭᠠᠷ  ᠤᠨ ᠡᠷᠡᠬᠡᠢ  ᠬᠣᠷᠣᠭᠣ ᠪᠠᠷ ᠨᠢᠭᠡ ᠮᠣᠷᠢ ᠵᠢ  ᠨᠢ ᠡᠷᠭᠦᠵᠦ  ᠨᠥᠭᠦᠭᠡ ᠮᠣᠷᠢ  ᠳᠤ ᠬᠦᠷᠭᠡᠵᠣ ᠲᠡᠶᠢᠯᠪᠡᠯ ᠨᠢᠰᠠᠯᠣᠭᠰᠠᠨ  ᠳᠤ ᠪᠣᠳᠣᠳᠠᠭ ᠂ ᠡᠭᠦᠨ ᠢ ᠲᠡᠭᠡᠭᠡᠬᠦ ᠪᠣᠶᠤ ᠠᠴᠢᠶᠠᠯᠠᠬᠣ ᠭᠡᠳᠡᠭ ᠃

 

ᠰᠸᠶᠸᠷ ᠣᠷᠬᠢᠬᠣ
4

4 ᠱᠠᠭ᠎ᠠ ᠣᠷᠬᠢᠵᠣ ᠠᠯᠢ ᠬᠡᠳᠦᠨ ᠲᠠᠯ᠎ᠠ ᠪᠠᠷ ᠪᠠᠭᠣᠭᠰᠠᠨ  ᠢ  ᠨᠢ ᠦᠨᠳᠦᠰᠦᠯᠡᠨ ᠨᠠᠭᠠᠳᠳᠠᠭ ᠱᠠᠭ᠎ᠠ ᠲᠣᠭᠯᠠᠭᠠᠮ  ᠤᠨ ᠨᠢᠭᠡᠨ ᠲᠥᠷᠥᠯ ᠃ ᠲᠣᠰ ᠨᠠᠭᠠᠳᠣᠮ  ᠢ ᠨᠠᠭᠠᠳᠬᠣ  ᠳᠠᠭᠠᠨ ᠣᠷᠣᠯᠴᠠᠬᠣ ᠬᠡᠦᠭᠡᠳ ᠱᠠᠭ᠎ᠠ ᠪᠠᠨ ᠨᠢᠭᠡᠨ ᠲᠠᠯ᠎ᠠ  ᠳᠤ ᠪᠥᠭᠡᠮᠨᠡᠷᠡᠬᠦᠯᠦᠨ ᠲᠠᠯᠪᠢᠵᠣ ᠨᠢᠭᠡ ᠬᠡᠦᠭᠡᠳ  ᠡᠴᠡ ᠡᠬᠢᠯᠡᠨ  4 ᠱᠠᠭ᠎ᠠ ( ᠡᠭᠦᠨ   ᠢ ᠵᠡᠭᠡᠷ᠎ᠡ ᠵᠢᠨ ᠱᠠᠭ᠎ᠠ ᠪᠠᠷ ᠬᠢᠬᠦ ᠪᠦᠭᠡᠳ  ᠱᠠᠭ᠎ᠠ ᠪᠥᠷᠢ ᠵᠢᠨ ᠵᠢᠷᠭᠣᠭᠠᠨ ᠲᠠᠯ᠎ᠠ ᠵᠢ ᠪᠢᠯᠡᠬᠦᠳᠡᠭᠰᠡᠨ ᠪᠠᠶᠢᠳᠠᠭ ) ᠣᠷᠬᠢᠨ᠎ᠠ ᠃ ᠡᠭᠦᠨ   ᠳᠤ ᠰᠸᠶᠸᠷ ( ᠳᠥᠷᠪᠡᠨ ᠶᠠᠩᠵᠣ ) ᠪᠠᠭᠣᠪᠠᠯ 6 ᠱᠠᠭ᠎ᠠ ᠂ 4 ᠪᠣᠰᠣᠭ᠎ᠠ ᠪᠣᠯ 4 ᠱᠠᠭ᠎ᠠ ᠂ 4 ᠪᠥᠭᠡ ( ᠬᠣᠨᠢ ) ᠪᠣᠯ 4 ᠱᠠᠭ᠎ᠠ ᠂ ᠬᠣᠩᠰᠢᠶᠠᠷ ᠣᠩᠬᠣ ᠪᠣᠯ 20 ᠱᠠᠭ᠎ᠠ ᠂ ᠪᠥᠭᠰᠡ ᠣᠩᠬᠣ ᠪᠣᠯ 10 ᠱᠠᠭ᠎ᠠ ᠬᠣᠨᠵᠢᠨ᠎ᠠ ᠂ ᠳᠡᠭᠡᠷᠡᠬᠢ ᠲᠠᠪᠣᠨ ᠪᠠᠭᠣᠳᠠᠯ ᠪᠠᠭᠣᠪᠠᠯ ᠲᠡᠭᠦᠨ  ᠤ ᠱᠠᠩ ᠭᠡᠵᠣ ᠲ᠋ᠠᠬᠢᠨ ᠨᠢᠭᠡ ᠤᠳᠠᠭ᠎ᠠ ᠣᠷᠬᠢᠬᠣ ᠡᠷᠬᠡ  ᠵᠢ ᠣᠯᠭᠣᠨ᠎ᠠ ᠃ ᠪᠠᠰᠠ 3 ᠪᠣᠰᠣᠭ᠎ᠠ ᠪᠠᠭᠣᠪᠠᠯ ᠂ 3 ᠱᠠᠭ᠎ᠠ ᠬᠣᠨᠵᠢᠨ᠎ᠠ ᠃ ᠡᠭᠦᠨ  ᠳᠤ ᠱᠠᠩ ᠦᠭᠡᠢ ᠃ ᠬᠡᠷᠪᠡ ᠳᠡᠭᠡᠷ᠎ᠡ ᠳᠣᠷᠠᠳᠣᠭᠰᠠᠨ ᠮᠡᠳᠦ ᠪᠠᠭᠣᠳᠠᠯ  ᠦᠳ  ᠪᠠᠭᠣᠬᠣ ᠦᠭᠡᠢ ᠪᠣᠯ ᠬᠣᠭᠣᠰᠣᠨ ᠣᠷᠬᠢᠭᠰᠠᠨ  ᠳᠤ ᠲ᠋ᠣᠭᠠᠴᠠᠭᠳᠠᠬᠣ ᠲᠣᠯᠠ ᠳᠠᠷᠠᠭᠠᠬᠢ ᠬᠡᠦᠭᠡᠳ ᠳᠡᠭᠡᠨ ᠱᠠᠭ᠎ᠠ ᠣᠷᠬᠢᠬᠣ ᠡᠷᠬᠡ  ᠵᠢ ᠰᠢᠯᠵᠢᠭᠦᠯᠵᠣ ᠥᠭᠭᠦᠨ᠎ᠡ ᠃ ᠣᠷᠬᠢᠭᠰᠠᠨ ᠬᠡᠦᠭᠡᠳ 4 ᠠᠯᠴᠣ ᠪᠠᠭᠣᠯᠭᠠᠪᠠᠯ ᠳᠥᠷᠪᠡᠨ ᠱᠠᠭ᠎ᠠ ᠲᠥᠯᠥᠳᠡᠭ ᠶᠣᠰᠣ ᠴᠣ ᠪᠤᠢ ᠃ ᠢᠩᠬᠢᠵᠣ ᠡᠭᠡᠯᠵᠢᠯᠡᠨ  ᠣᠷᠬᠢᠭᠰᠠᠭᠠᠷ ᠲ᠋ᠡᠷᠡ ᠬᠦ ᠪᠥᠭᠡᠮᠨᠡᠷᠡᠭᠦᠯᠦᠨ ᠲᠠᠯᠪᠢᠭᠰᠠᠨ ᠱᠠᠭ᠎ᠠ ᠵᠢ ᠬᠣᠪᠢᠶᠠᠨ ᠠᠪᠴᠣ ᠪᠠᠷᠠᠭᠠᠳ ᠦᠷᠬᠦᠯᠵᠢᠯᠡᠨ ᠣᠷᠬᠢᠬᠣ  ᠳᠤ ᠬᠣᠨᠵᠢᠶ᠎ᠠ ᠲ᠋ᠠᠢ ᠪᠠᠭᠣᠳᠠᠯ ᠪᠠᠭᠣᠪᠠᠯ ᠨᠠᠭᠠᠳᠣᠮ  ᠳᠤ ᠣᠷᠣᠯᠴᠠᠭᠰᠠᠨ ᠬᠦᠮᠦᠨ ᠪᠦᠷᠢ  ᠡᠴᠡ ᠱᠠᠭ᠎ᠠ ᠬᠣᠨᠵᠢᠨ᠎ᠠ ᠃ ᠲᠡᠭᠡᠭᠡᠳ ᠨᠢᠭᠡ ᠬᠡᠦᠭᠡᠳ  ᠤᠨ ᠱᠠᠭ᠎ᠠ ᠵᠢ ᠪᠦᠷᠢᠮᠦᠰᠦᠨ ᠬᠣᠭᠣᠰᠣᠷᠠᠳᠠᠯ᠎ᠠ ᠬᠣᠨᠵᠢᠵᠣ ᠠᠪᠣᠪᠠᠯ ᠲᠡᠷᠡ ᠢᠯᠠᠭᠰᠠᠨ  ᠳᠤ ᠲᠣᠭᠠᠴᠠᠭᠳᠠᠳᠠᠭ ᠃

( ᠳᠡᠭᠡᠷᠡᠬᠢ ᠵᠢᠷᠭᠣᠭᠠᠨ ᠵᠦᠢᠯ  ᠤᠨ ᠱᠠᠭ᠎ᠠ ᠨᠠᠭᠠᠳᠬᠣ ᠠᠷᠭ᠎ᠠ ᠵᠢ ︽ ᠮᠣᠩᠭᠣᠯ ᠵᠠᠩ ᠦᠢᠯᠡ ᠵᠢᠨ ᠨᠡᠪᠳᠡᠷᠡᠬᠡᠢ ᠲᠣᠯᠢ ︾  ᠡᠴᠡ ᠠᠰᠢᠭᠯᠠᠪᠠ )

 

ᠠᠯᠠᠭ ᠮᠡᠯᠡᠬᠡᠢ ᠥᠷᠥᠬᠦ
56

 

ᠡᠨᠡ ᠲᠣᠭᠯᠠᠭᠠᠮ  ᠢᠶᠡᠷ  ᠨᠡᠯᠢᠶᠡᠳ ᠲᠣᠮᠣ ᠬᠡᠦᠭᠡᠳ   ᠤᠳ ᠭᠣᠣᠯᠳᠠᠭᠣ ᠴᠠᠭᠠᠨ ᠰᠠᠷ᠎ᠠ ᠪᠠᠷ ᠲᠣᠭᠯᠠᠳᠠᠭ ᠪᠠᠶᠢᠵᠠᠢ ᠃ ᠡᠨᠡ  ᠪᠣᠯ ᠨᠡᠯᠢᠶᠡᠳ ᠡᠷᠲᠡᠨ  ᠤ ᠤᠯᠠᠮᠵᠢᠯᠠᠯᠳᠣ ᠲᠣᠭᠯᠠᠭᠠᠮ ᠶᠤᠮ ᠃ ᠲᠣᠭᠯᠠᠬᠣ ᠬᠡᠦᠭᠡᠳ ᠱᠣ᠋ ᠣᠷᠬᠢᠵᠣ ᠨᠦᠭᠡᠨ  ᠤ ᠬᠢᠨᠢ ᠲᠣᠭ᠎ᠠ ᠪᠠᠷ ᠮᠡᠯᠡᠬᠡᠢ ᠵᠢᠨ ᠡᠷᠬᠡᠲᠡᠨ  ᠥᠷᠥᠵᠣ ᠲᠣᠭᠯᠠᠳᠠᠭ ᠃ ᠮᠡᠯᠡᠭᠡᠢ ᠥᠷᠥᠵᠣ ᠲᠣᠭᠯᠠᠬᠣ  ᠳᠤ ᠡᠬᠢᠯᠡᠵᠦ  ᠥᠷᠥᠬᠦ ᠂ ᠥᠷᠥᠭᠰᠡᠨ ᠮᠡᠯᠡᠬᠡᠢ  ᠡᠴᠡ ᠪᠠᠨ ᠣᠯᠠᠨ ᠱᠠᠭ᠎ᠠ ᠠᠪᠬᠣ ᠬᠣᠶᠠᠷ ᠶᠠᠩᠵᠣ ᠪᠠᠷ ᠲᠣᠭᠯᠠᠳᠠᠭ ᠃ ᠮᠡᠯᠡᠬᠡᠢ ᠵᠢ 92 ᠂ 108 ᠱᠠᠭ᠎ᠠ ᠪᠠᠷ ᠲᠣᠭᠯᠠᠬᠣ  ᠳᠠᠭᠠᠨ ᠡᠷᠬᠡᠲᠡᠨ  ᠪᠦᠷᠢ ᠵᠢ ᠲᠣᠳᠣᠷᠠᠬᠠᠢ ᠲᠣᠭᠠᠨ  ᠤ ᠳᠠᠷᠠᠭᠠᠯᠠᠯ  ᠲᠠᠢ ᠥᠷᠥᠳᠡᠭ ᠃ ᠲᠤᠬᠠᠶᠢᠯᠠᠪᠠᠯ ᠂ ᠮᠡᠯᠡᠬᠡᠢ ᠵᠢᠨ ᠳᠠᠪᠣᠰᠠᠩ  ᠢ ᠨᠢᠭᠡ ᠂ ᠪᠥᠭᠡᠷ᠎ᠡ ᠬᠣᠶᠠᠷ ᠱᠠᠭ᠎ᠠ ᠂ ᠲᠣᠯᠣᠭᠠᠢ ᠭᠤᠷᠪᠠᠨ ᠱᠠᠭ᠎ᠠ ᠂ ᠰᠢᠯᠪᠢ ᠳᠥᠷᠪᠡᠨ ᠱᠠᠭ᠎ᠠ ᠂ ᠬᠦᠵᠦᠭᠦᠦ ᠶᠢᠰᠦ ᠂ ᠨᠢᠷᠣᠭᠣ ᠵᠢᠷᠭᠣᠭᠠᠨ ᠱᠠᠭ᠎ᠠ ᠬᠡᠭᠦᠴᠢᠯᠡᠨ ᠥᠷᠥᠳᠡᠭ ᠃ ᠪᠢᠳᠡᠭᠦᠨ  ᠳᠤ ᠲᠣᠭᠣᠨᠣ ᠵᠢᠨ ᠨᠦᠭᠡ ᠪᠠᠷ ᠠᠯᠠᠭ ᠮᠡᠯᠡᠬᠡᠢ ᠥᠷᠥᠵᠣ ᠬᠣᠨᠣᠭᠣᠯᠣᠭᠠᠳ ᠰᠢᠨ᠎ᠡ ᠵᠢᠨ ᠨᠢᠭᠡᠨ  ᠳᠤ ᠪᠣᠴᠠᠭᠠᠨ ᠠᠪᠴᠣ ᠲᠣᠭᠯᠠᠳᠠᠭ  ᠨᠢ ᠡᠷᠲᠡᠨ   ᠤ ᠮᠣᠩᠭᠣᠯᠴᠣᠳ  ᠤᠨ ᠣᠨ ᠰᠣᠯᠢᠭᠳᠠᠬᠣ  ᠲᠠᠢ ᠬᠣᠯᠪᠣᠭᠳᠠᠭᠰᠠᠨ ᠳᠣᠮᠣᠭ  ᠲᠠᠢ ᠪᠢᠯᠡ ᠃

( ︽ ᠪᠦᠭᠦᠳᠡ ᠨᠠᠶᠢᠷᠠᠮᠳᠠᠬᠣ ᠮᠣᠩᠭᠣᠯ ᠠᠷᠠᠳ ᠤᠯᠤᠰ  ᠤᠨ ᠤᠭᠰᠠᠭᠠᠳᠠᠨ  ᠤ ᠵᠦᠢ ︾ ᠨᠣᠮ  ᠡᠴᠡ )

 

ᠰᠢᠭᠦᠮᠵᠢ