• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠲᠡᠪᠡᠭ ᠢᠰᠭᠦᠯᠭᠦ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

 

ᠲᠡᠪᠡᠭ ᠭᠡᠳᠡᠭ  ᠨᠢ ᠢᠮᠠᠭᠠᠨ  ᠤ ᠰᠠᠬᠠᠯ ᠂ ᠬᠣᠨᠢᠨ  ᠤ ᠤᠩᠭᠠᠰᠣ ᠂ ᠮᠣᠷᠢᠨ  ᠤ ᠲᠡᠯ ᠂ ᠲᠡᠮᠡᠭᠡᠨ  ᠤ ᠵᠣᠭᠳᠣᠷ ᠵᠡᠷᠭᠡ  ᠶᠢ

ᠭᠤᠷᠪᠠ ᠪᠤᠶᠤ ᠳᠥᠷᠪᠡᠨ ᠭᠠᠤᠯᠢᠨ ᠵᠣᠭᠣᠰᠣᠨ  ᠤ ᠨᠦᠭᠡᠨ  ᠳᠤ ᠰᠦᠪᠡᠯᠡᠭᠡᠳ ᠥᠩᠭᠡ ᠵᠢᠨ ᠪᠤᠳᠣᠭ  ᠢᠶᠡᠷ  ᠪᠣᠳᠣᠭᠰᠠᠨ ᠨᠠᠭᠠᠳᠣᠮ  ᠦᠨ

ᠬᠡᠷᠡᠭᠰᠡᠯ  ᠢ ᠬᠡᠯᠡᠳᠡᠭ ᠃ ᠢᠩᠬᠢᠭᠡᠳ ᠲᠡᠪᠡᠭ  ᠢ ᠭᠠᠵᠠᠷ ᠤᠨᠠᠭᠠᠬᠣ ᠦᠭᠡᠢ ᠢᠰᠭᠦᠯᠵᠣ ᠲᠣᠭᠳᠠᠭᠰᠠᠨ ᠲᠣᠭᠠᠨ ᠳᠤ ᠤᠷᠣᠯᠳᠣᠨ

ᠨᠠᠭᠠᠳᠳᠠᠭ ᠃ ᠨᠠᠭᠠᠳᠬᠣ ᠠᠷᠭ᠎ᠠ ᠵᠢᠨ ᠲᠠᠯ᠎ᠠ ᠪᠠᠷ ᠭᠠᠭᠴᠠ ᠬᠥᠯ  ᠢᠶᠡᠷ  ᠢᠰᠭᠦᠯᠬᠦ ᠂ ᠬᠣᠶᠠᠷ ᠬᠥᠯ  ᠢᠶᠡᠷ ᠡᠭᠡᠯᠵᠢᠯᠡᠵᠦ  ᠢᠰᠭᠦᠯᠬᠦ ᠂

ᠬᠥᠯ  ᠢᠶᠡᠨ  ᠰᠣᠯᠪᠢᠴᠠᠭᠣᠯᠵᠣ ᠢᠰᠭᠦᠯᠬᠦ ᠵᠡᠷᠭᠡ ᠣᠯᠠᠨ ᠵᠦᠢᠯ ᠪᠠᠶᠢᠳᠠᠭ ᠃ ᠵᠠᠷᠢᠮ  ᠳᠠᠭᠠᠨ ᠣᠯᠠᠨ ᠬᠡᠦᠭᠡᠳ ᠲᠠᠯ᠎ᠠ ᠬᠣᠪᠢᠶᠠᠵᠣ

ᠤᠷᠣᠯᠳᠣᠳᠠᠭ ᠃

 

ᠢᠰᠭᠦᠯᠵᠣ ᠨᠠᠭᠠᠳᠬᠣ ᠲᠣᠭᠯᠠᠭᠠᠮ  ᠳᠤ ᠪᠠᠰᠠ ᠨᠣᠣᠰᠣᠨ ᠪᠥᠮᠪᠥᠭᠡ ᠪᠠ ᠰᠢᠨᠳᠣᠣ ᠢᠰᠭᠦᠯᠬᠦ ᠭᠡᠵᠣ ᠪᠤᠢ ᠃ ᠨᠣᠣᠰᠣᠨ

ᠪᠥᠮᠪᠥᠭᠡ ᠪᠣᠯ ᠬᠣᠨᠢ ᠂ ᠢᠮᠠᠭ᠎ᠠ ᠂ ᠦᠭᠡᠷ  ᠤᠨ ᠨᠣᠣᠰᠣ ᠤᠩᠭᠠᠰᠣ ᠵᠢ ᠢᠰᠡᠭᠡᠢ ᠬᠢᠬᠦ ᠰᠢᠭ ᠪᠣᠯᠪᠠᠰᠣᠷᠣᠭᠣᠯᠣᠨ ᠪᠥᠭᠡᠷᠡᠩᠬᠡᠶᠢᠯᠡᠵᠣ

ᠬᠢᠳᠡᠭ ᠃ ᠢᠩᠬᠢᠭᠡᠳ ᠮᠥᠨ ᠲᠡᠪᠡᠭ ᠢᠰᠭᠦᠯᠬᠦ ᠵᠢᠷᠣᠮ  ᠢᠶᠡᠷ  ᠨᠠᠭᠠᠳᠴᠤ ᠪᠣᠯᠣᠨ᠎ᠠ ᠃ ᠰᠢᠨᠳᠣᠣ ᠭᠡᠳᠡᠭ ᠪᠣᠯ ᠦᠭᠡᠷ  ᠤᠨ ᠳᠠᠪᠣᠰᠠᠩ   ᠢ

ᠠᠯᠳᠡᠵᠣ ᠪᠣᠯᠪᠠᠰᠣᠷᠣᠭᠣᠯᠣᠨ ᠦᠯᠢᠶᠡᠭᠡᠳ ᠲᠡᠪᠡᠭ ᠰᠢᠭ ᠢᠰᠭᠦᠯᠬᠦ ᠪᠤᠶᠤ ᠳᠡᠭᠡᠭᠰᠢ ᠢᠰᠭᠦᠯᠵᠣ ᠪᠤᠯᠢᠶᠠᠯᠳᠣᠬᠣ ᠵᠡᠷᠭᠡ ᠠᠯᠢ ᠴᠣ

ᠠᠷᠭ᠎ᠠ ᠪᠠᠷ ᠨᠠᠭᠠᠳᠴᠤ ᠪᠣᠯᠳᠠᠭ ᠪᠠᠶᠢᠨ᠎ᠠ ᠃

 

( ︽ ᠮᠣᠩᠭᠣᠯ ᠵᠠᠩ ᠦᠢᠯᠡ ᠵᠢᠨ ᠵᠦᠢ ) ᠨᠣᠮ  ᠡᠴᠡ )

ᠰᠢᠭᠦᠮᠵᠢ