• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠳᠡᠭᠡᠰᠦ ᠦᠰᠦᠷᠬᠦ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

ᠳᠡᠭᠡᠰᠦ ᠦᠰᠦᠷᠬᠦ  ᠳᠤ ᠨᠢᠭᠡ ᠬᠦᠮᠦᠨ ᠦᠰᠦᠷᠴᠦ ᠪᠣᠯᠣᠨ᠎ᠠ ᠂ ᠣᠯᠠᠭᠣᠯᠠ ᠦᠰᠦᠷᠴᠦ ᠪᠠᠰᠠ ᠪᠣᠯᠣᠨ᠎ᠠ ᠃ ᠡᠭᠦᠨ   ᠳᠤ ᠨᠢᠭᠡ ᠬᠥᠯ  ᠢᠶᠡᠷ ᠦᠰᠦᠷᠬᠦ ᠂ ᠭᠠᠷ ᠰᠣᠯᠪᠢᠵᠣ ᠦᠰᠦᠷᠬᠦ ᠂ ᠬᠣᠶᠠᠷ ᠬᠥᠯ  ᠢᠶᠡᠷ  ᠦᠰᠦᠷᠬᠦ ᠂ ᠵᠣᠭᠰᠣᠭ᠎ᠠ ᠦᠰᠦᠷᠬᠦ ᠂ ᠣᠴᠣᠶᠢᠵᠣ ᠦᠰᠦᠷᠬᠦ ᠂ ᠬᠦᠶᠦᠵᠣ ᠪᠠᠶᠢᠭᠠᠳ ᠦᠰᠦᠷᠬᠦ ᠂ ᠤᠷᠢᠳᠣᠭᠣᠷ  ᠢᠶᠡᠨ ᠡᠷᠭᠢᠭᠦᠯᠵᠦ  ᠦᠰᠦᠷᠬᠦ ᠂ ᠠᠷᠣ ᠪᠠᠷ  ᠢᠶᠡᠨ ᠡᠷᠭᠢᠭᠦᠯᠵᠦ  ᠦᠰᠦᠷᠬᠦ ᠂ ᠲᠣᠭ᠎ᠠ ᠲᠣᠭᠠᠯᠠᠵᠣ ᠦᠰᠦᠷᠬᠦ ᠂ ᠦᠭᠡ ᠂ ᠰᠢᠯᠦᠭ ᠬᠡᠯᠡᠵᠣ ᠦᠰᠦᠷᠬᠦ ᠵᠡᠷᠭᠡ ᠣᠯᠠᠨ ᠶᠠᠩᠵᠣ ᠵᠢᠨ ᠠᠷᠭ᠎ᠠ ᠬᠡᠯᠪᠡᠷᠢ ᠪᠠᠶᠢᠳᠠᠭ ᠃ ᠳᠡᠭᠡᠰᠦ ᠦᠰᠦᠷᠬᠦ ᠭᠡᠳᠡᠭ  ᠨᠢ ᠠᠯᠳᠠ ᠳᠠᠯᠢᠮ ᠳᠡᠭᠡᠰᠦᠨ  ᠤ ᠬᠣᠶᠠᠷ ᠦᠵᠦᠭᠦᠷ  ᠢ ᠬᠣᠶᠠᠷ ᠭᠠᠷ ᠲ᠋ᠠᠭᠠᠨ ᠪᠠᠷᠢᠵᠣ ᠲᠣᠯᠣᠭᠠᠢ ᠳᠡᠭᠡᠭᠦᠷ  ᠢᠶᠡᠨ ᠡᠷᠭᠦᠭᠦᠯᠵᠦ   ᠂ ᠬᠥᠯ ᠲᠣᠣᠭᠣᠷ  ᠢᠶᠡᠨ  ᠭᠠᠷᠭᠠᠬᠣ ᠵᠢ ᠬᠡᠯᠡᠨ᠎ᠡ ᠃ ᠨᠠᠭᠠᠳᠬᠣ ᠳᠠᠭᠠᠨ ᠭᠣᠣᠯᠳᠠᠭᠣ ᠲᠣᠭ᠎ᠠ ᠲᠣᠭᠠᠯᠠᠵᠣ ᠬᠡᠨ  ᠨᠢ ᠦᠰᠦᠷᠴᠦ ᠪᠠᠶᠢᠭᠠᠳ ᠳᠡᠭᠡᠰᠦ ᠪᠠᠨ ᠲᠣᠷᠭᠠᠪᠠᠯ ᠠᠯᠳᠠᠭᠰᠠᠨ  ᠢᠶᠡᠷ  ᠪᠣᠳᠣᠵᠣ ᠨᠥᠭᠥᠭᠡ ᠡᠳᠡᠭᠡᠳ  ᠨᠢ ᠵᠠᠯᠭᠠᠭᠠᠳ ᠦᠰᠦᠷᠳᠡᠭ ᠃ ᠮᠣᠩᠭᠣᠯᠴᠣᠳ ᠨᠣᠣᠰᠣ ᠂ ᠬᠢᠯᠭᠠᠰᠣ ᠂ ᠣᠯᠣᠰᠣ ᠂ ᠰᠤᠷ ᠵᠡᠷᠭᠡ ᠪᠠᠷ ᠬᠢᠭᠰᠡᠨ ᠳᠡᠭᠡᠰᠦ ᠬᠡᠷᠡᠭᠯᠡᠵᠣ ᠪᠠᠶᠢᠵᠠᠢ ᠃ ᠣᠯᠠᠨ ᠬᠦᠮᠦᠨ ᠦᠰᠦᠷᠪᠡᠯ ᠬᠡᠳᠦᠨ ᠠᠯᠳᠠ ᠤᠷᠳᠣ ᠳᠡᠭᠡᠰᠦᠨ  ᠤ ᠬᠣᠶᠠᠷ ᠦᠵᠦᠭᠦᠷ  ᠡᠴᠡ ᠠᠳᠬᠣᠵᠣ ᠨᠣᠮᠣᠨ ᠬᠡᠯᠪᠡᠷᠢ ᠪᠠᠷ ᠬᠣᠷᠣᠶᠢᠯᠠᠨ ᠡᠷᠭᠢᠯᠳᠦᠭᠦᠯᠦᠨ᠎ᠡ ᠃ ᠪᠣᠰᠣᠳ  ᠨᠢ ᠳᠡᠭᠡᠰᠦᠨ ᠲᠣᠣᠭᠣᠷ ᠰᠢᠷᠭᠣᠵᠣ ᠣᠷᠣᠭᠠᠳ ᠶᠠᠩᠵᠣ ᠶᠠᠩᠵᠣ ᠪᠠᠷ ᠦᠰᠦᠷᠦᠨ ᠨᠠᠭᠠᠳᠴᠣ ᠪᠣᠯᠳᠠᠭ ᠃

( ︽ ᠮᠣᠩᠭᠣᠯ ᠵᠠᠩ ᠦᠢᠯᠡ ᠵᠢᠨ ᠨᠡᠪᠳᠡᠷᠡᠭᠡᠢ ᠲᠣᠯᠢ ) ᠨᠣᠮ  ᠡᠴᠡ )

ᠰᠢᠭᠦᠮᠵᠢ