• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠴᠡᠮᠡᠪᠡᠯ  ᠤᠨ ᠣᠨᠢᠰᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

untitled

ᠴᠡᠮᠡᠪᠡᠯ  ᠤᠨ ᠣᠨᠢᠰᠣ ᠭᠡᠳᠡᠭ  ᠨᠢ ᠭᠣᠭᠴᠣᠭᠠᠯᠠᠭᠰᠠᠨ ᠪᠢᠳᠡᠬᠦᠦ ᠶᠢᠰᠦᠨ ᠭᠠᠷᠠᠬ᠎ᠠ  ᠶᠢ ᠲᠠᠶᠢᠯᠬᠣ ᠪᠠ ᠣᠨᠢᠰᠣᠯᠠᠬᠣ ᠤᠬᠠᠭᠠᠨ  ᠢ ᠰᠢᠯᠭᠠᠬᠣ ᠨᠠᠭᠠᠳᠣᠮ ᠶᠤᠮ ᠃ ᠵᠠᠷᠢᠮ  ᠨᠢ ᠪᠠᠰᠠ ᠡᠷᠯᠢᠭ  ᠤᠨ ᠡᠭᠦᠳᠡᠨ ᠴᠣᠣᠵᠢ ᠭᠡᠳᠡᠭ ᠃ ᠴᠡᠮᠡᠪᠡᠯ ᠭᠡᠳᠡᠭ  ᠨᠢ ᠴᠡᠮᠡ ( ᠰᠢᠳᠢᠳᠦ ) ᠂ ᠪᠠᠯ ( ᠬᠡᠯᠬᠢᠶ᠎ᠡ ) ᠭᠡᠰᠡᠨ ᠡᠷᠳᠡᠨ  ᠤ ᠮᠣᠩᠭᠣᠯ ᠦᠭᠡ ᠶᠤᠮ ᠃ ᠡᠨᠡ ᠨᠠᠭᠠᠳᠣᠮ ᠪᠣᠭᠴᠣᠨ  ᠤ ᠲᠦᠭᠵᠢᠶᠡᠰᠦ  ᠡᠴᠡ ᠰᠠᠨᠠᠭ᠎ᠠ ᠠᠪᠴᠣ ᠪᠡᠶ᠎ᠡ ᠪᠡᠶ᠎ᠡ  ᠶᠢᠨ  ᠢᠶᠠᠨ ᠲᠣᠳᠣᠭᠣᠷ ᠣᠷᠣᠭᠣᠯᠵᠣ ᠲᠦᠭᠵᠢᠳᠡᠭ ᠪᠣᠭᠣᠨᠢ ᠪᠢᠳᠡᠬᠦᠦ ᠭᠣᠭᠴᠣᠭ᠎ᠠ  ᠶᠢᠨ ᠣᠷᠣᠨ  ᠳᠤ ᠰᠢᠯᠪᠢ ᠪᠠᠷ ᠶᠢᠰᠦᠨ ᠭᠠᠷᠠᠬ᠎ᠠ ᠬᠢᠵᠠᠢ ᠃ ᠪᠣᠭᠴᠣᠨ  ᠤ ᠠᠮᠠᠨ  ᠤ ᠲᠠᠷᠣᠭᠣᠯᠭ᠎ᠠ  ᠶᠢᠨ ᠣᠷᠣᠨ  ᠳᠤ ᠣᠷᠳᠣ ᠪᠢᠳᠡᠬᠦᠦ ᠭᠣᠭᠴᠣᠭ᠎ᠠ ᠲᠡᠮᠦᠷ ᠬᠢᠵᠣ ᠠᠪᠳᠠᠷ᠎ᠠ ᠰᠠᠪᠠ ᠪᠠᠨ ᠲᠦᠭᠵᠢᠬᠦ ᠲᠦᠭᠵᠢᠶ᠎ᠡ ᠪᠣᠯᠭᠠᠬᠣ  ᠶᠢᠨ ᠬᠠᠮᠳᠣ ᠦᠷ᠎ᠡ ᠬᠡᠦᠭᠡᠳ  ᠤᠨ  ᠢᠶᠠᠨ ᠣᠶᠤᠨ ᠤᠬᠠᠭᠠᠨ  ᠢ ᠬᠥᠭᠵᠢᠭᠦᠯᠬᠦ ᠨᠠᠭᠠᠳᠣᠮ  ᠤᠨ ᠪᠠᠭᠠᠵᠢ ᠪᠣᠯᠭᠠᠭᠰᠠᠨ ᠪᠠᠶᠢᠨ᠎ᠠ ᠃ ᠡᠨᠡ  ᠨᠢ ᠤᠷᠳᠣ ᠪᠢᠳᠡᠬᠦᠦ ᠭᠤᠭᠴᠣᠭ᠎ᠠ  ᠳᠤ ᠶᠢᠰᠦᠨ ᠪᠢᠳᠡᠭᠦᠦ ᠭᠠᠷᠠᠬ᠎ᠠ  ᠶᠢ ᠬᠢᠵᠣ ᠲᠦᠭᠵᠢᠶᠡᠨ  ᠳᠤ ᠪᠤᠴᠠᠭᠠᠵᠣ ᠭᠠᠷᠭᠠᠬᠣ ᠤᠷᠠᠨ ᠠᠷᠭ᠎ᠠ ᠪᠠᠷ ᠢᠯᠠᠵᠣ ᠭᠠᠷᠬᠣ  ᠶᠢ ᠬᠢᠴᠢᠶᠡᠵᠣ ᠨᠠᠭᠠᠳᠳᠠᠭ ᠲᠣᠭᠯᠠᠭᠠᠮ ᠪᠣᠯᠣᠨ᠎ᠠ ᠃ ᠬᠠᠮᠣᠭ  ᠤᠨ ᠣᠨᠣᠪᠴᠢᠳᠠᠢ ᠰᠡᠳᠬᠢᠵᠣ ᠦᠢᠯᠡᠳᠦᠯᠭᠡ ᠬᠢᠮᠡᠨᠵᠢᠨ ᠰᠠᠶ᠋ᠢ 341 ᠬᠥᠳᠡᠯᠭᠡᠭᠡᠨ  ᠢ ᠬᠢᠵᠣ ᠪᠦᠷᠢᠨ ᠳᠡᠶᠢᠯᠵᠣ ᠡᠨᠡ ᠨᠠᠭᠠᠳᠣᠮ  ᠢ ᠴᠢᠳᠠᠳᠠᠭ ᠪᠥᠭᠡᠳ ᠳᠡᠭᠡᠷᠡᠬᠢ ᠲᠣᠭᠠᠨ  ᠤ ᠦᠢᠯᠡᠳᠦᠯᠭᠡ ᠬᠥᠳᠡᠯᠭᠡᠭᠡᠨ  ᠢᠶᠠᠷ ᠳᠠᠬᠢᠨ ᠲᠦᠭᠵᠢᠳᠡᠭ ᠪᠠᠶᠢᠨ᠎ᠠ ᠃ ᠡᠨᠡ ᠪᠣᠯ ᠬᠦᠮᠦᠰ  ᠤᠨ ᠣᠶᠣᠨ ᠤᠬᠠᠭᠠᠨ  ᠢ ᠰᠢᠯᠭᠠᠨ  ᠪᠢᠯᠢᠭ ᠨᠡᠭᠡᠭᠡᠭᠳᠡᠬᠦᠯᠬᠦ ᠶᠢᠰᠦᠨ ᠭᠠᠷᠠᠬ᠎ᠠ ᠮᠥᠨ ᠃

( ︽ ᠮᠣᠩᠭᠣᠯ ᠵᠠᠩ ᠦᠢᠯᠡ  ᠶᠢᠨ ᠨᠡᠪᠳᠡᠷᠡᠭᠡᠢ ᠲᠣᠯᠢ ) ᠨᠣᠮ  ᠡᠴᠡ )

ᠰᠢᠭᠦᠮᠵᠢ