• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠴᠢᠨ᠋ᠸ᠎ᠠ ᠲᠠᠷᠪᠠᠭ᠎ᠠ ᠪᠣᠯᠬᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

ᠲᠤᠰ ᠲᠣᠭᠯᠠᠭᠠᠮ  ᠢ ᠭᠤᠷᠪᠠ  ᠡᠴᠡ ᠳᠡᠭᠡᠭᠰᠢ ᠬᠡᠳᠦᠨ ᠬᠦᠮᠦᠨ ᠴᠣ ᠲᠤᠭᠯᠠᠵᠣ ᠪᠣᠯᠳᠠᠭ ᠃ ᠡᠭᠦᠨ   ᠳᠤ ᠨᠢᠭᠡ  ᠨᠢ ᠴᠢᠨ᠋ᠸ᠎ᠠ ᠪᠣᠯᠵᠣ ᠂ ᠪᠣᠰᠣᠳ  ᠨᠢ ᠳᠠᠷᠪᠠᠭ᠎ᠠ ᠪᠣᠯᠳᠠᠭ ᠃ ᠨᠠᠭᠠᠳᠬᠣ  ᠳᠠᠭᠠᠨ ᠬᠣᠭᠣᠷᠣᠨᠳᠣ  ᠪᠠᠨ ᠬᠣᠯᠠᠬᠠᠨ ᠬᠣᠶᠠᠷ ᠭᠠᠵᠠᠷ ᠲᠠᠷᠪᠠᠭ᠎ᠠ  ᠶᠢᠨ ᠨᠦᠭᠡ ᠭᠡᠵᠣ ᠬᠣᠶᠠᠷ ᠲᠣᠭᠣᠷᠢᠭ ᠵᠢᠷᠣᠨ᠎ᠠ ᠃ ᠲᠡᠬᠦᠨ  ᠤ ᠨᠢᠭᠡ ᠵᠢ  ᠨᠢ ᠠᠯᠦ ᠂ ᠨᠥᠭᠦᠭᠡ ᠵᠢ  ᠨᠢ ᠲᠤᠰᠠᠭᠠᠯ ᠭᠡᠳᠡᠭ ᠃ ᠡᠬᠢᠯᠡᠭᠡᠳ ᠴᠢᠨ᠋ᠸ᠎ᠠ ᠪᠣᠯᠣᠭᠰᠠᠨ  ᠨᠢ ᠠᠯᠦ ᠂ ᠲᠤᠰᠠᠭᠠᠯ ᠬᠣᠶᠠᠷ  ᠤᠨ ᠳᠣᠮᠳᠠ ᠰᠠᠭᠣᠵᠣ ᠪᠠᠶᠢᠬᠣ  ᠳᠤ ᠲᠠᠷᠪᠠᠭ᠎ᠠ ᠪᠣᠯᠣᠭᠰᠠᠳ ᠴᠢᠨ᠋ᠸ᠎ᠠ ᠵᠢᠨ ᠳᠡᠷᠭᠡᠳᠡ ᠣᠴᠢᠭᠠᠳ ᠄ ︽ ᠴᠢᠨ᠋ᠸ᠎ᠠ ᠭᠤᠸᠠᠢ ᠂ ᠴᠢᠨ᠋ᠸ᠎ᠠ ᠭᠤᠸᠠᠢ ᠂ ᠴᠣᠭ ( ᠭᠠᠯ ) ᠥᠭᠭᠦᠭᠡᠴᠢ ︾ ᠭᠡᠨ᠎ᠡ ᠃ ᠴᠢᠨ᠋ᠸ᠎ᠠ ᠄ ︽ ᠴᠣᠭ  ᠢᠶᠡᠷ  ᠶᠠᠭᠠᠬᠢᠬᠣ ᠶᠤᠮ ᠪᠣᠢ ︖ ︾ ᠭᠡᠨ᠎ᠡ ᠃ ᠲᠠᠷᠪᠠᠭ᠎ᠠ ᠨᠣᠭᠣᠳ ᠄ ︽ ᠴᠠᠪᠠᠣ ᠴᠢᠨᠠᠶ᠎ᠠ ︾ ᠭᠡᠬᠦ ᠳ᠋ᠥ ᠴᠢᠨ᠋ᠸ᠎ᠠ ᠄ ︽ ᠴᠠᠪᠠᠣ  ᠪᠠᠷ ᠶᠠᠭᠣ ᠬᠢᠨ᠎ᠡ ᠪᠤᠢ ︖ ︾ ᠭᠡᠨ᠎ᠡ ᠃ ᠲᠠᠷᠪᠠᠭ᠎ᠠ ᠄ ︽ ᠨᠣᠮᠣ ᠰᠣᠮᠣ ᠨᠠᠭᠠᠶ᠎ᠠ ︾ ᠭᠡᠬᠦ  ᠳᠤ ᠴᠢᠨ᠋ᠸ᠎ᠠ ᠄ ︽ ᠨᠣᠮᠣ ᠰᠣᠮᠣ  ᠪᠠᠷ ᠶᠠᠭᠠᠬᠢᠬᠣ ᠪᠤᠢ ︖ ︾ ᠭᠡᠨ᠎ᠡ ᠃ ᠲᠠᠷᠪᠠᠭ᠎ᠠ ᠨᠣᠭᠣᠳ ᠄ ︽ ᠲᠠᠨ  ᠤ ᠲᠣᠯᠣᠭᠠᠢ ᠵᠢ ᠬᠠᠭ᠎ᠠ ᠬᠠᠷᠪᠣᠶ᠎ᠠ ︾ ᠭᠡᠳ ᠲᠠᠯ᠎ᠠ ᠲᠠᠯ᠎ᠠ ᠲᠡᠰᠢ  ᠪᠠᠨ ᠵᠢᠭᠣᠳᠠᠳᠠᠭ ᠃ ᠴᠢᠨ᠋ᠸ᠎ᠠ ᠲᠡᠳᠡᠨ  ᠢ ᠬᠥᠭᠡᠭᠡᠵᠣ ᠨᠦᠭᠡᠨ  ᠳᠡᠭᠡᠨ ᠣᠷᠣᠬᠣ  ᠡᠴᠡ  ᠨᠢ ᠡᠮᠦᠨ᠎ᠡ  ᠠᠯᠢ ᠨᠢᠭᠡ ᠵᠢ ᠪᠠᠷᠢᠵᠣ ᠠᠪᠬᠣ ᠵᠢ ᠬᠢᠴᠢᠶᠡᠨ᠎ᠡ ᠃ ᠲᠠᠷᠪᠠᠭ᠎ᠠ ᠨᠣᠭᠣᠳ ᠨᠦᠬᠡᠨ  ᠳᠡᠭᠡᠨ ᠤᠳᠠᠭᠠᠨ ᠪᠠᠶᠢᠬᠣ ᠶᠣᠰᠣ ᠦᠭᠡᠢ ᠂ ᠬᠣᠶᠠᠷ ᠨᠦᠭᠡ ᠵᠢᠨ  ᠢᠶᠡᠨ  ᠬᠣᠭᠣᠷᠣᠨᠳᠣ ᠢᠳᠡᠰᠢᠯᠡᠨ ᠶᠠᠪᠣᠬᠣ ᠪᠤᠶᠤ ᠨᠢᠭᠡ ᠨᠦᠭᠡ  ᠡᠴᠡ ᠨᠥᠭᠦᠭᠡ ᠨᠦᠭᠡ ᠤᠷᠣᠭᠣ ᠬᠦᠶᠦᠨ᠎ᠡ ᠃ ᠡᠨᠡ  ᠬᠣᠭᠣᠴᠠᠭᠠᠨ ᠳ᠋ᠥ ᠴᠢᠨ᠋ᠸ᠎ᠠ ᠬᠡᠳᠦᠨ ᠲᠠᠷᠪᠠᠭ᠎ᠠ ᠴᠤ ᠪᠠᠷᠢᠵᠣ ᠪᠣᠯᠳᠠᠭ ᠃ ᠲᠠᠷᠪᠠᠭ᠎ᠠ ᠴᠢᠨ᠋ᠸ᠎ᠠ ᠳ᠋ᠥ ᠪᠠᠷᠢᠭᠳᠠᠭᠰᠠᠨ  ᠤ ᠬᠣᠶᠢᠨ᠎ᠠ ᠱᠣᠳᠣᠷᠴᠣ ᠲᠠᠯᠪᠢᠭᠣᠯᠬᠣ ᠪᠤᠶᠤ ᠨᠣᠴᠣᠯᠳᠣᠵᠣ ᠪᠣᠯᠬᠣ ᠦᠭᠡᠢ ᠃ ᠬᠠᠷᠢᠨ ᠨᠠᠭᠠᠳᠣᠮ  ᠡᠴᠡ ᠭᠠᠷᠴᠤ ᠦᠵᠡᠭᠴᠢ ᠰᠢᠭᠦᠭᠴᠢ ᠵᠢᠨ ᠡᠭᠦᠷᠭᠡ  ᠵᠢ ᠭᠦᠢᠴᠡᠳᠭᠡᠵᠣ ᠰᠠᠭᠣᠨ᠎ᠠ ᠃ ᠴᠢᠨ᠋ᠸ᠎ᠠ ᠂ ᠲᠠᠷᠪᠠᠭ᠎ᠠ ᠨᠣᠭᠣᠳ  ᠡᠴᠡ ᠪᠠᠷᠢᠭᠰᠠᠭᠠᠷ ᠪᠠᠶᠢᠵᠣ ᠨᠢᠭᠡ  ᠶᠢ ᠦᠯᠡᠳᠡᠭᠡᠪᠡᠯ ᠱᠦᠭᠦᠭᠰᠡᠨ  ᠳᠤ ᠲᠣᠭᠠᠴᠠᠭᠳᠠᠳᠠᠭ ᠃ ᠡᠨᠡ ᠮᠡᠳᠦ  ᠪᠠᠷ ᠡᠭᠡᠯᠵᠢᠯᠡᠨ  ᠴᠢᠨ᠋ᠸ᠎ᠠ ᠪᠣᠯᠵᠣ ᠦᠷᠭᠦᠯᠵᠢᠯᠡᠬᠦᠯᠦᠨ ᠨᠠᠭᠠᠳᠣᠨ᠎ᠠ ᠃

( ︽ ᠮᠣᠩᠭᠣᠯ ᠵᠠᠩ ᠦᠢᠯᠡ ᠵᠢᠨ ᠨᠡᠪᠳᠡᠷᠡᠬᠡᠢ ᠲᠣᠯᠢ ) ᠨᠣᠮ  ᠡᠴᠡ )

ᠰᠢᠭᠦᠮᠵᠢ