• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠥᠮᠥᠳᠦ ᠲᠤᠤᠬᠤᠤ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠥᠮᠥᠳᠦ  ᠨᠢ ᠬᠦᠢᠳᠡᠨ ᠳᠣᠯᠠᠭᠠᠨ ᠤᠯᠠᠷᠢᠯ  ᠤᠨ ᠭᠢ ᠭᠡᠵᠣ ᠦᠨᠳᠦᠰᠦᠨ ᠬᠣᠶᠠᠷ ᠶᠠᠩᠵᠣ ᠪᠠᠶᠢᠬᠣ  ᠡᠴᠡ ᠭᠠᠳᠠᠨ᠎ᠠ ᠂ ᠬᠦᠮᠦᠨ  ᠤ ᠡᠷᠬᠢᠯᠡᠬᠦ  ᠬᠥᠳᠡᠯᠮᠥᠷᠢ ᠵᠢᠨ ᠣᠨᠴᠠᠯᠢᠭ  ᠲᠤ ᠵᠣᠬᠢᠴᠠᠭᠰᠠᠨ ᠪᠠᠶᠢᠳᠠᠭ ᠣᠨᠴᠠᠯᠢᠭ  ᠲᠠᠢ ᠃ ᠶᠠᠪᠠᠭᠠᠨ ᠶᠠᠪᠣᠬᠣ  ᠳᠤ ᠬᠡᠳᠦᠷᠭᠡᠢ ᠠᠭᠣᠵᠢᠮ ᠥᠮᠥᠳᠦ ᠰᠠᠭᠠᠳ  ᠲᠠᠢ ᠪᠠᠶᠢᠬᠣ  ᠳᠤ ᠬᠠᠷᠢᠨ ᠮᠣᠷᠢ ᠤᠨᠣᠭ᠎ᠠ ᠣᠨᠣᠵᠣ ᠶᠠᠪᠣᠬᠣ  ᠳᠤ ᠠᠭᠣᠵᠢᠮ ᠵᠣᠵᠠᠭᠠᠨ ᠥᠮᠦᠳᠦ ᠠᠰᠢᠭ  ᠲᠠᠢ ᠃ ᠥᠮᠥᠳᠦ ᠵᠢ ᠵᠣᠷᠢᠭᠣᠯᠣᠯᠳᠠ ᠪᠠᠷ  ᠨᠢ ᠡᠪᠦᠯ  ᠤᠨ ᠂ ᠵᠣᠨ  ᠤ ᠂ ᠭᠠᠳᠠᠭᠣᠷ ᠳᠣᠳᠣᠭᠣᠷ ᠭᠡᠵᠣ ᠲᠤᠰ ᠲ᠋ᠤᠰ ᠢᠯᠭᠠᠵᠣ ᠡᠮᠦᠰᠦᠨ᠎ᠡ  ᠃ ᠬᠣᠶᠠᠷ  ᠡᠴᠡ ᠳᠥᠷᠪᠡᠨ ᠨᠠᠰᠤ ᠬᠦᠷᠳᠡᠯᠡᠬᠢ ᠬᠡᠦᠭᠡᠳ  ᠤᠨ ᠥᠮᠦᠳᠦᠨ  ᠤ ᠰᠠᠯᠳᠠᠭ᠎ᠠ ᠵᠢ ᠬᠠᠭᠠᠷᠠᠬᠠᠢ ᠬᠢᠬᠦ ᠂ ᠬᠠᠷᠢᠨ ᠲᠠᠪᠤ  ᠡᠴᠡ ᠳᠡᠭᠡᠭᠰᠢ ᠨᠠᠰᠤᠨ  ᠤ ᠬᠡᠦᠭᠡᠳ  ᠤᠨ ᠥᠮᠥᠳᠦᠨ  ᠤ ᠰᠠᠯᠳᠠᠭ᠎ᠠ ᠵᠢ ᠪᠢᠳᠡᠭᠦᠦ ᠬᠢᠳᠡᠭ ᠃

ᠥᠮᠥᠳᠦᠨ  ᠳᠤ ᠳᠠᠩ ᠥᠮᠥᠳᠦ ᠂ ᠬᠠᠪᠰᠣᠮᠠᠯ ᠥᠮᠦᠳᠦ ᠂ ᠬᠥᠪᠦᠩ  ᠲᠠᠢ ᠥᠮᠦᠳᠦ ᠂ ᠢᠯᠭᠢᠨ ᠥᠮᠦᠳᠦ ᠂ ᠠᠷᠠᠰᠤᠨ ᠥᠮᠦᠳᠦ ᠭᠡᠵᠣ ᠪᠠᠶᠢᠳᠠᠭ ᠃ ᠮᠣᠩᠭᠣᠯᠴᠣᠳ ᠶᠡᠷᠦ  ᠨᠢ ᠥᠮᠥᠳᠦ ᠵᠢ ᠪᠣᠰᠣᠳ ᠬᠣᠪᠴᠠᠰᠤᠨ  ᠤ ᠳᠡᠭᠡᠷ᠎ᠡ ᠳᠠᠯᠪᠢᠳᠠᠭ ᠦᠭᠡᠢ ᠪᠥᠭᠡᠳ ᠲ᠋ᠡᠭᠡᠭᠦᠷ  ᠨᠢ ᠭᠠᠷᠭᠠᠬᠣ ᠵᠢ ᠪᠠᠰᠠ ᠴᠡᠭᠡᠷᠯᠡᠨ᠎ᠡ ᠃ ᠮᠣᠩᠭᠣᠯᠴᠣᠳ ᠰᠢᠨ᠎ᠡ ᠬᠠᠭᠣᠴᠢᠨ ᠶᠠᠮᠠᠷ ᠴᠣ ᠥᠮᠦᠳᠦ ᠵᠢ ᠵᠠᠬ᠎ᠠ  ᠡᠴᠡ  ᠨᠢ ᠪᠠᠷᠢᠵᠣ ᠡᠷᠭᠦᠬᠦ  ᠡᠴᠡ ᠪᠢᠰᠢ ᠰᠢᠷᠬᠣᠨᠠᠭ  ᠡᠴᠡ  ᠨᠢ ᠪᠠᠷᠢᠵᠣ ᠡᠷᠭᠦᠬᠦ  ᠵᠠᠩᠰᠢᠯ ᠦᠭᠡᠢ ᠃ ᠥᠭᠡᠷ᠎ᠡ ᠪᠠᠷ ᠬᠡᠯᠡᠪᠡᠯ ᠥᠮᠦᠳᠦᠨ  ᠤ ᠰᠢᠷᠬᠣᠨᠠᠭ  ᠨᠢ ᠳᠡᠭᠡᠭᠰᠢ ᠪᠠᠨ ᠬᠠᠨᠳᠣᠵᠣ ᠂ ᠵᠠᠬ᠎ᠠ  ᠨᠢ ᠲᠣᠷᠣᠭᠰᠢ ᠪᠠᠨ ᠬᠠᠨᠳᠣᠬᠣ ᠵᠢ ᠴᠡᠭᠡᠷᠯᠡᠨ᠎ᠡ ᠃

ᠲᠣᠣᠬᠣᠣ ᠪᠣᠯ ᠥᠮᠦᠳᠦᠨ  ᠤ ᠭᠠᠳᠠᠭᠣᠷ ᠲᠠᠪᠬᠣᠷᠯᠠᠨ ᠡᠮᠦᠰᠳᠡᠭ  ᠲᠠᠩ ᠰᠢᠷᠬᠣᠨᠠᠭ  ᠢᠶᠡᠷ  ᠪᠦᠷᠢᠯᠳᠦᠭᠰᠡᠨ ᠡᠮᠦᠰᠬᠡᠯ  ᠪᠣᠯᠣᠨ᠎ᠠ ᠃ ᠲᠣᠣᠬᠣᠣ ᠵᠢ ᠵᠠᠷᠢᠮ ᠨᠣᠳᠣᠭ  ᠲᠤ ᠭᠤᠶᠠᠪᠴᠢ ᠂ ᠡᠪᠦᠳᠦᠭᠴᠢ ᠭᠡᠳᠡᠭ ᠃ ᠲᠣᠣᠬᠤᠤ  ᠳᠤ ᠠᠩ  ᠤᠨ ᠲ᠋ᠣᠣᠬᠣᠣ ᠂ ᠭᠣᠶᠣᠯᠠᠯ  ᠤᠨ ᠲᠣᠣᠬᠣᠣ ᠪᠠ ᠪᠥᠭᠡ ᠵᠢᠨ ᠲᠣᠣᠬᠣᠣ ᠭᠡᠵᠣ ᠪᠠᠶᠢᠳᠠᠭ ᠃ ᠠᠩ  ᠤᠨ ᠲᠣᠣᠬᠣᠣ ᠵᠢ ᠭᠣᠣᠯᠳᠠᠭᠣ ᠠᠵᠢᠯ ᠬᠥᠳᠡᠯᠮᠥᠷᠢ  ᠳᠤ ᠭᠠᠷᠬᠣ ᠦᠶ᠎ᠡ  ᠳᠤ ᠡᠮᠦᠰᠳᠡᠭ  ᠪᠥᠭᠡᠳ ᠲᠡᠷᠡ  ᠨᠢ ᠡᠪᠦᠳᠦᠭ ᠰᠢᠯᠪᠢ ᠵᠢ ᠬᠦᠢᠳᠡᠨ ᠨᠣᠶᠢᠳᠠᠨ  ᠡᠴᠡ ᠬᠠᠮᠠᠭᠠᠯᠠᠵᠣ ᠂ ᠥᠮᠦᠳᠦᠨ  ᠤ ᠡᠮᠦᠨ᠎ᠡ  ᠲᠠᠯ᠎ᠠ ᠦᠷᠦᠭᠳᠡᠵᠣ ᠪᠠᠷᠠᠬᠣ ᠵᠢ ᠰᠡᠷᠭᠡᠶᠢᠯᠡᠬᠦ ᠦᠢᠯᠡᠳᠦᠯ  ᠲᠠᠢ ᠃ ᠭᠣᠶᠣᠯᠠᠯ  ᠤᠨ ᠲ᠋ᠣᠣᠬᠣᠣ  ᠨᠢ ᠬᠢᠴᠡ ᠤᠷᠠᠯᠠᠯ  ᠢᠶᠡᠷ  ᠢᠶᠡᠨ  ᠠᠩ  ᠤᠨ ᠲᠣᠣᠬᠣᠣ  ᠡᠴᠡ ᠨᠠᠷᠢᠯᠢᠭ ᠪᠠᠶᠢᠳᠠᠭ ᠃ ᠪᠥᠭᠡ ᠵᠢᠨ ᠲᠣᠣᠬᠣᠣ  ᠨᠢ ᠢᠯᠡᠬᠦᠦ ᠡᠯᠪᠡᠭ  ᠠᠭᠣᠵᠢᠮ ᠪᠥᠭᠡᠳ ᠥᠩᠭᠡ ᠡᠳ᠋  ᠂ ᠤᠷ᠎ᠠ ᠬᠢᠴᠡ  ᠨᠢ ᠨᠡᠩ ᠭᠣᠶᠣ ᠰᠦᠷᠯᠢᠭ ᠪᠠᠶᠢᠳᠠᠭ ᠃

 

 

untitled

ᠲᠣᠣᠬᠣᠣ

 

 

 

(( ︽ ᠪᠥᠭᠦᠳᠡ ᠨᠠᠶᠢᠷᠠᠮᠳᠠᠬᠣ ᠮᠣᠩᠭᠣᠯ ᠠᠷᠠᠳ ᠤᠯᠤᠰ  ᠤᠨ ᠤᠭᠰᠠᠭᠠᠳᠠᠨ  ᠤ ᠵᠦᠢ 1 ) ᠪᠣᠯᠣᠨ ︽ ᠮᠣᠩᠭᠣᠯ ᠦᠨᠳᠦᠰᠦᠳᠡᠨ  ᠤ ᠬᠣᠪᠴᠠᠰᠤ ᠵᠠᠰᠠᠯ  ᠤᠨ ᠰᠣᠶᠣᠯ ) ᠨᠣᠮ  ᠢ ᠭᠣᠣᠯᠯᠠᠨ ᠠᠰᠢᠭᠯᠠᠪᠠ )

ᠰᠢᠭᠦᠮᠵᠢ