• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠣᠰᠣᠳ ᠵᠦᠢᠯ  ᠤᠨ ᠮᠣᠩᠭᠣᠯ ᠬᠤᠪᠴᠠᠰᠤ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠤᠯᠠᠮᠵᠢᠯᠠᠯᠳᠣ ᠮᠣᠩᠭᠣᠯ ᠬᠣᠪᠴᠠᠰᠤᠨ  ᠤ ᠵᠦᠢᠯ  ᠳᠤ ᠪᠠᠰᠠ ᠲᠠᠬᠣ ᠂ ᠤᠤᠵᠢ ᠂ ᠵᠠᠬᠠᠪᠴᠢ ᠂ ᠬᠠᠨᠴᠣᠶᠢᠪᠴᠢ ᠂ ᠴᠣᠪᠠ ᠂ ᠰᠢᠯᠪᠢᠴᠢ ᠵᠡᠷᠭᠡ ᠪᠤᠢ ᠃

untitled

ᠲᠠᠬᠣ  ᠨᠢ ᠮᠣᠩᠭᠣᠯᠴᠣᠳ  ᠤᠨ ᠮᠠᠰᠢ ᠠᠷᠳᠡᠨ  ᠤ ᠤᠯᠠᠮᠵᠢᠯᠠᠯᠳᠣ ᠬᠣᠪᠴᠠᠰᠤᠨ  ᠳᠤ ᠪᠠᠭᠳᠠᠨ᠎ᠠ ᠃ ᠳᠠᠬᠣ  ᠳᠤ ᠦᠰᠦ ᠵᠢ  ᠨᠢ ᠭᠠᠳᠠᠭᠰᠢ ᠬᠠᠷᠠᠭᠣᠯᠣᠭᠰᠠᠨ ᠲᠠᠬᠣ ᠪᠣᠯᠣᠨ ᠦᠰᠦ ᠵᠢ  ᠨᠢ ᠲᠣᠳᠣᠭᠰᠢ ᠬᠠᠷᠠᠭᠣᠯᠣᠭᠰᠠᠨ ᠲᠠᠬᠣ ᠭᠡᠬᠦ ᠬᠣᠶᠠᠷ ᠵᠦᠢᠯ ᠪᠤᠢ ᠃ ᠲᠠᠬᠣ ᠪᠣᠯ ᠠᠰ ᠡᠨᠭᠭᠡᠷ   ᠲᠠᠢ ᠂ ᠳᠡᠪᠡᠯ ᠲᠡᠷᠯᠢᠭ  ᠤᠨ ᠭᠠᠳᠠᠭᠣᠷ ᠡᠮᠦᠰᠳᠡᠭ ᠠᠭᠣᠵᠢᠮ  ᠬᠣᠪᠴᠠᠰᠤ ᠮᠥᠨ ᠃ ᠲᠠᠬᠣ ᠵᠢ ᠶᠡᠷᠦ ᠳ᠋ᠡᠭᠡᠨ ᠬᠠᠯᠢᠭᠣ ᠂ ᠪᠤᠯᠠᠭ᠎ᠠ ᠂ ᠵᠡᠭᠡᠷ᠎ᠡ ᠂ ᠢᠮᠠᠭ᠎ᠠ ᠂ ᠬᠣᠨᠢᠨ  ᠤ ᠠᠷᠠᠰᠣ ᠪᠠᠷ ᠬᠢᠳᠡᠭ ᠃ ᠲᠠᠬᠣᠨ  ᠤ ᠡᠨᠭᠭᠡᠷ   ᠨᠢ ᠲ᠋ᠣᠭᠣᠭᠰᠢ ᠵᠠᠳᠠᠭᠠᠢ ᠪᠠᠶᠢᠵᠣ ᠂ ᠠᠷᠣ ᠬᠣᠷᠮᠣᠢ  ᠳᠠᠭᠠᠨ ᠣᠨᠣᠭᠣ  ᠲᠠᠢ ᠪᠠᠶᠢᠬᠣ ᠵᠡᠷᠭᠡ ᠥᠪᠡᠷᠮᠢᠴᠡ ᠣᠨᠴᠠᠯᠢᠭ ᠬᠢᠴᠡ  ᠲᠠᠢ ᠃ ᠡᠨᠡ   ᠨᠢ ᠳᠡᠪᠡᠯ  ᠤᠨ ᠭᠠᠳᠠᠭᠣᠷ ᠨᠥᠮᠦᠷᠭᠦ ᠪᠣᠯᠣᠨ ᠮᠣᠷᠢ ᠣᠨᠣᠭᠠᠨ ᠳᠡᠭᠡᠷ᠎ᠡ ᠡᠮᠦᠰᠦᠨ  ᠶᠠᠪᠣᠬᠣ  ᠳᠤ ᠲᠣᠬᠢᠷᠠᠭᠰᠠᠨ ᠪᠠᠶᠢᠳᠠᠭ ᠃

ᠤᠤᠵᠢ ᠪᠣᠯ ᠣᠷᠣᠭᠯᠠᠭᠰᠠᠨ ᠠᠮᠡᠭ᠍ᠳᠡᠶᠢᠴᠣᠳ  ᠤᠨ ᠬᠣᠪᠴᠠᠰᠤ ᠶᠤᠮ ᠃ ᠣᠯᠠᠩᠬᠢ ᠨᠣᠳᠣᠭ  ᠲᠤ ᠥᠬᠢᠨ ᠬᠦᠮᠦᠨ ᠤᠤᠵᠢ ᠡᠮᠦᠰᠳᠡᠭ  ᠦᠭᠡᠢ ᠃ ᠤᠤᠵᠢ  ᠨᠢ ᠳᠡᠪᠡᠯ ᠲᠡᠷᠯᠢᠭ  ᠤᠨ ᠭᠠᠳᠠᠭᠣᠷ ᠡᠮᠦᠰᠳᠡᠭ  ᠬᠠᠨᠴᠣᠢ ᠵᠠᠭᠠᠮ᠎ᠠ ᠦᠭᠡᠢ ᠬᠣᠪᠴᠠᠰᠤ ᠪᠣᠯᠣᠨ᠎ᠠ ᠃ ᠬᠣᠶᠠᠷ ᠲᠠᠰᠢᠶᠠᠨ  ᠳᠠᠭᠠᠨ ᠤᠷᠳᠤ ᠭᠡᠭᠴᠢ ᠵᠠᠶᠢᠴᠠ  ᠲᠠᠢ ᠪᠥᠭᠡᠳ ᠠᠷᠣ  ᠳᠠᠭᠠᠨ ᠴᠤ ᠣᠨᠣᠭᠣ  ᠲᠠᠢ ᠪᠠᠶᠢᠳᠠᠭ ᠃ ᠤᠤᠵᠢ  ᠳᠤ ᠶᠡᠭᠡ ᠡᠨᠭᠭᠡᠷ   ᠲᠠᠢ ᠪᠣᠯᠣᠨ ᠠᠰ ᠡᠨᠭᠭᠡᠷ  ᠲᠠᠢ ᠭᠡᠬᠦ ᠬᠣᠶᠠᠷ ᠶᠠᠩᠵᠣ ᠪᠠᠶᠢᠵᠣ ᠂ ᠶᠡᠷᠦ ᠳ᠋ᠡᠭᠡᠨ ᠳᠡᠭᠡᠷ᠎ᠡ ᠪᠡᠶ᠎ᠡ ᠵᠢᠨ ᠬᠡᠰᠡᠭ  ᠲᠤ  ᠨᠢ ᠪᠠᠷᠢᠭᠣ ᠪᠠᠶᠢᠳᠠᠭ ᠣᠨᠴᠠᠯᠢᠭ  ᠲᠠᠢ ᠃ ᠪᠦᠰᠡ ᠪᠦᠰᠡᠯᠡᠭᠰᠡᠨ ᠳᠡᠪᠡᠯ  ᠤᠨ ᠳᠡᠭᠡᠭᠦᠷ ᠤᠤᠵᠢ ᠡᠮᠦᠰᠴᠦ  ᠪᠣᠯᠳᠠᠭ ᠦᠭᠡᠢ ᠶᠤᠮ ᠃
1 2

ᠵᠠᠬᠠᠪᠴᠢ ᠪᠣᠯ ᠮᠣᠷᠢ ᠣᠨᠣᠵᠣ ᠶᠠᠪᠣᠬᠣ   ᠳᠦ ᠡᠮᠦᠰᠳᠡᠭ  ᠨᠢᠭᠡ ᠵᠦᠢᠯ  ᠤᠨ ᠨᠥᠮᠦᠷᠭᠡ ᠬᠤᠪᠴᠠᠰᠤ ᠮᠥᠨ ᠃ ᠠᠰ ᠡᠨᠭᠭᠡᠷ   ᠲᠠᠢ ᠂ ᠲᠣᠪᠴᠢ ᠦᠭᠡᠢ ᠂ ᠵᠠᠭᠠᠮᠠᠨ  ᠳᠠᠭᠠᠨ ᠪᠦᠰ ᠤᠶᠠᠭ᠎ᠠ ᠪᠠᠷ ᠪᠦᠴᠡᠯᠡᠨ᠎ᠡ ᠃ ᠵᠠᠬᠠᠪᠴᠢ ᠵᠢ ᠲᠠᠰᠢᠭᠣ ᠡᠨᠭᠭᠡᠷ   ᠲᠠᠢ ᠲ᠋ᠡᠪᠡᠯ ᠲᠡᠷᠯᠢᠭ  ᠤᠨ ᠮᠥᠷ ᠡᠨᠭᠭᠡᠷ  ᠳᠠᠭᠠᠭᠣᠯᠣᠨ ᠨᠥᠮᠥᠷᠴᠦ ᠂ ᠵᠠᠭᠠᠮ᠎ᠠ ᠵᠠᠬ᠎ᠠ ᠵᠢ  ᠨᠢ ᠣᠷᠣᠯᠠᠭᠣᠯᠳᠠᠭ ᠪᠠᠶᠢᠨ᠎ᠠ ᠃

ᠬᠠᠨᠴᠣᠶᠢᠪᠴᠢ ( ᠪᠠᠭᠣᠪᠴᠢ ) ᠪᠣᠯ ᠪᠦᠰᠡᠭᠦᠶᠢᠴᠣᠳ ( ᠣᠷᠣᠭᠯᠠᠭᠰᠠᠨ ᠠᠮᠡᠭ᠍ᠳᠡᠶᠢᠴᠣᠳ )  ᠤᠨ ᠬᠠᠨᠴᠣᠢ  ᠳᠠᠭᠠᠨ ᠬᠢᠳᠡᠭ ᠲ᠋ᠣᠭᠳᠣᠢ ᠶᠤᠮ ᠃ ᠬᠠᠨᠴᠣᠶᠢᠪᠴᠢ ᠵᠢ ᠬᠠᠯᠢᠭᠣ ᠂ ᠪᠤᠯᠠᠭ᠎ᠠ ᠂ ᠦᠨᠡᠭᠡ ᠪᠣᠶᠤ ᠬᠤᠷᠠᠭᠠᠨ  ᠤ ᠠᠷᠠᠰᠤ ᠪᠠᠷ ᠲᠣᠳᠣᠷᠯᠠᠵᠣ ᠂ ᠲᠣᠷᠭ᠎ᠠ ᠪᠠᠷ ᠭᠠᠳᠠᠷᠯᠠᠨ᠎ᠠ ᠃ ᠬᠠᠨᠴᠣᠶᠢᠪᠴᠢ ᠵᠢ ᠡᠪᠦᠯ ᠭᠠᠷ ᠳᠣᠯᠠᠭᠠᠯᠠᠬᠣ  ᠳᠤ ᠬᠡᠷᠡᠭᠯᠡᠳᠡᠭ ᠪᠥᠭᠡᠳ ᠵᠠᠷᠢᠮ ᠨᠣᠳᠣᠭ  ᠲᠤ ᠡᠷᠡᠭᠲᠡᠢᠢᠴᠦᠳ  ᠴᠦ ᠬᠡᠷᠡᠭᠯᠡᠳᠡᠭ ᠪᠠᠶᠢᠨ᠎ᠠ ᠃

ᠴᠤᠪᠠ ᠪᠣᠯ ᠪᠣᠷᠣᠭᠠᠨ  ᠳᠤ ᠡᠮᠦᠰᠳᠡᠭ  ᠬᠣᠪᠴᠠᠰᠤ ᠶᠤᠮ ᠃ ᠴᠤᠪᠠ ᠵᠢᠨ ᠬᠡᠯᠪᠡᠷᠢ  ᠨᠢ ᠲᠠᠬᠣ  ᠲᠠᠢ ᠲᠥᠰᠥᠭᠡᠳᠡᠢ ᠃ ᠠᠰ ᠡᠨᠭᠭᠡᠷ   ᠲᠠᠢ ᠪᠠᠶᠢᠳᠠᠭ ᠃ ᠴᠤᠪᠠ ᠵᠢ ᠴᠡᠮᠪᠡ ᠪᠤᠶᠤ ᠢᠰᠡᠭᠡᠢ ᠪᠠᠷ ᠬᠢᠳᠡᠭ ᠃ ᠴᠤᠪᠠ ᠵᠢᠨ ᠮᠠᠯᠠᠭᠠᠢ  ᠨᠢ ᠶᠡᠷᠦ ᠳ᠋ᠡᠭᠡᠨ ᠵᠠᠭᠠᠮ᠎ᠠ  ᠲᠠᠢ ᠪᠠᠨ ᠵᠠᠯᠭᠠᠮᠠᠯ ᠪᠠᠶᠢᠳᠠᠭ ᠃ ᠴᠤᠪᠠ  ᠳᠤ ᠬᠠᠨᠴᠤᠢ  ᠲᠠᠢ ᠂ ᠬᠠᠨᠴᠤᠢ ᠦᠭᠡᠢ ᠭᠡᠵᠣ ᠬᠣᠶᠠᠷ ᠶᠠᠩᠵᠣ ᠵᠢᠨ ᠪᠠᠶᠢᠳᠠᠭ ᠃ ᠬᠠᠨᠴᠣᠢ ᠦᠭᠡᠢ ᠴᠣᠪᠠ ᠪᠣᠯ ᠠᠰ ᠡᠨᠭᠭᠡᠷ   ᠲᠠᠢ ᠂ ᠵᠠᠭᠠᠮᠠᠨ  ᠳᠠᠭᠠᠨ ᠪᠦᠰ ᠬᠠᠳᠠᠭᠰᠠᠨ ᠪᠠᠶᠢᠳᠠᠭ ᠃ ᠢᠰᠡᠭᠡᠢ ᠪᠠᠷ ᠬᠢᠭᠰᠡᠨ ᠴᠣᠪᠠ ᠵᠢ ᠵᠠᠷᠢᠮ ᠨᠣᠳᠣᠭ  ᠲᠤ ᠬᠡᠪᠡᠨᠡᠭ ᠭᠡᠵᠣ ᠨᠡᠷᠡᠯᠡᠳᠡᠭ ᠃

ᠰᠢᠯᠪᠢᠴᠢ ᠪᠣᠯ ᠥᠮᠥᠳᠦᠨ ᠰᠢᠷᠬᠣᠨᠠᠭ  ᠢᠶᠡᠷ  ᠢᠶᠡᠨ  ᠪᠡᠬᠢᠯᠡᠨ ᠤᠶᠠᠳᠠᠭ ᠬᠤᠪᠴᠠᠰᠤ ᠮᠥᠨ ᠃ᠡᠭᠦᠨ   ᠡᠴᠡ ᠭᠠᠳᠠᠨ᠎ᠠ ᠵᠠᠷᠢᠮ ᠨᠣᠳᠣᠭ  ᠲᠤ ᠣᠨᠣᠭᠣ ᠦᠭᠡᠢ ᠳᠡᠪᠡᠯ ᠡᠮᠦᠰᠦᠭᠰᠡᠨ  ᠬᠦᠮᠦᠨ ᠮᠣᠷᠢ ᠣᠨᠣᠬᠣ  ᠳᠠᠭᠠᠨ ᠪᠠᠷᠠᠭᠣᠨ ᠭᠣᠶ᠎ᠠ ᠪᠠᠨ ᠬᠣᠷᠮᠣᠢ ᠲ᠋ᠠᠢ ᠪᠠᠨ ᠪᠠᠷᠢᠵᠣ ᠤᠶᠠᠳᠠᠭ ᠭᠣᠷᠬᠢ ᠲᠠᠢ ᠰᠤᠷ ᠣᠷᠢᠶᠠᠯᠳᠠ ᠵᠢ ᠭᠣᠶ᠎ᠠ ᠵᠢᠨ ᠣᠷᠢᠶᠠᠯᠳᠠ ᠭᠡᠳᠡᠭ ᠃

( ︽ ᠮᠣᠩᠭᠣᠯ ᠵᠠᠩ ᠦᠢᠯᠡ ᠵᠢᠨ ᠵᠦᠢ ) ᠪᠣᠯᠣᠨ ︽ ᠮᠣᠩᠭᠣᠯ ᠦᠨᠳᠦᠰᠦᠳᠡᠨ  ᠤ ᠬᠤᠪᠴᠠᠰᠤ ᠵᠠᠰᠠᠯ  ᠤᠨ ᠰᠣᠶᠣᠯ ) ᠨᠣᠮ  ᠢ  ᠭᠣᠣᠯᠯᠠᠨ ᠠᠰᠢᠭᠯᠠᠪᠠ )

ᠰᠢᠭᠦᠮᠵᠢ