• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠪᠦᠰᠡ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠪᠦᠰᠡ ᠪᠦᠰᠡᠯᠡᠬᠦ  ᠨᠢ ᠬᠦᠮᠦᠨ  ᠤ ᠪᠡᠶ᠎ᠡ ᠵᠢ ᠤᠯᠠᠮ ᠢᠯᠡᠬᠦᠦ ᠲᠦᠰᠢᠭ  ᠲᠠᠢ ᠪᠣᠯᠭᠠᠳᠠᠭ ᠃ ᠮᠣᠷᠢ ᠤᠨᠤᠵᠤ ᠶᠠᠪᠣᠬᠣ  ᠳᠤ ᠲᠡᠪᠡᠯ ᠬᠦᠮᠦᠨ  ᠤ ᠪᠡᠶ᠎ᠡ ᠵᠢ ᠬᠠᠮᠠᠭᠠᠯᠠᠵᠣ ᠳᠣᠯᠠᠭᠠᠯᠠᠵᠣ ᠪᠠᠶᠢᠳᠠᠭ ᠪᠣᠯ ᠡᠨᠡ  ᠬᠦ ᠬᠠᠮᠠᠭᠠᠯᠠᠯᠳᠠ ᠵᠢᠨ ᠪᠠᠳᠣᠯᠠᠭ᠎ᠠ  ᠨᠢ ᠪᠦᠰᠡ ᠪᠣᠯᠬᠣ ᠶᠤᠮ᠃ ᠪᠦᠰᠡ ᠪᠦᠰᠡᠯᠡᠭᠰᠡᠨ  ᠡᠴᠡ ᠰᠠᠶ᠋ᠢ ᠳᠡᠪᠡᠯ ᠪᠡᠶ᠎ᠡ  ᠳᠤ ᠨᠠᠭᠠᠯᠳᠣᠨ ᠂ ᠮᠣᠷᠢ ᠳᠠᠪᠬᠢᠬᠣ  ᠳᠤ ᠲᠠᠳᠠᠭᠰᠠᠨ ᠵᠢᠪᠠᠷ ᠪᠡᠶ᠎ᠡ  ᠳᠤ ᠬᠦᠷᠭᠦ ᠦᠭᠡᠢ ᠪᠠᠶᠢᠵᠣ ᠴᠢᠳᠠᠨ᠎ᠠ ᠃ ᠪᠦᠰᠡ ᠵᠢ ᠴᠢᠩᠭ᠎ᠠ ᠣᠷᠢᠶᠠᠨ ᠪᠦᠰᠡᠯᠡᠭᠰᠡᠨ  ᠡᠴᠡ ᠰᠠᠶ᠋ᠢ ᠮᠣᠷᠢᠨ ᠲᠠᠪᠬᠢᠭᠠᠨ  ᠳᠤ ᠪᠡᠶ᠎ᠡ ᠵᠢᠨ ᠲᠣᠳᠣᠭᠠᠳᠣ ᠡᠷᠬᠡᠲᠡᠨ ᠂ ᠡᠯᠢᠭᠡ  ᠵᠢᠷᠦᠭᠡ ᠳᠣᠷᠬᠢᠵᠣ ᠬᠡᠮᠳᠦᠭᠦ ᠦᠭᠡᠢ ᠪᠠᠶᠢᠵᠣ ᠴᠢᠳᠠᠳᠠᠭ ᠃

untitled

ᠰᠤᠷ ᠪᠦᠰᠡ

ᠪᠦᠰᠡ ᠵᠢ ᠭᠣᠶᠣᠯ  ᠤᠨ ᠬᠢ ᠂ ᠠᠵᠢᠯ  ᠤᠨ ᠬᠢ ᠭᠡᠵᠣ ᠢᠯᠭᠠᠬᠣ ᠵᠢᠨ ᠵᠡᠷᠭᠡᠴᠡᠭᠡ ᠡᠮᠡᠭᠲᠡᠢᠢᠴᠦᠳ   ᠤᠨ ᠂ ᠡᠷᠡᠭᠲᠡᠢᠢᠴᠦᠳ   ᠤᠨ ᠂ ᠬᠡᠦᠭᠡᠳ  ᠤᠨ ᠬᠢ ᠭᠡᠵᠣ ᠠᠩᠬᠢᠯᠠᠳᠠᠭ ᠃ ᠪᠦᠰᠡ ᠵᠢ ᠤᠷᠳᠣ ᠂ ᠪᠣᠭᠣᠨᠢ ᠂ ᠥᠷᠭᠡᠨ ᠂ ᠨᠠᠷᠢᠨ ᠪᠣᠯᠣᠨ ᠡᠮᠦᠰᠬᠦ  ᠬᠣᠪᠴᠠᠰᠤᠨ  ᠤ ᠥᠩᠭᠡᠨ  ᠳᠤ ᠵᠣᠬᠢᠴᠠᠭᠣᠯᠣᠨ ᠬᠡᠷᠡᠭᠯᠡᠳᠡᠭ ᠵᠠᠩᠰᠢᠯ  ᠲᠠᠢ ᠶᠤᠮ ᠃ ᠪᠦᠰᠡ ᠵᠢ ᠳᠠᠪᠣᠣ ᠪᠦᠰ ᠪᠣᠯᠣᠨ ᠰᠤᠷ ᠵᠡᠷᠭᠡ  ᠪᠠᠷ ᠬᠢᠳᠡᠭ ᠃ ᠮᠣᠩᠭᠣᠯᠴᠣᠳ ᠪᠦᠰᠡ ᠵᠢ ᠡᠷ᠎ᠡ ᠬᠦᠮᠦᠨ  ᠤ ᠪᠡᠶ᠎ᠡ ᠰᠦᠨᠡᠰᠦ ᠭᠡᠵᠣ ᠶᠡᠭᠡᠳᠡ ᠬᠥᠨᠳᠦᠳᠭᠡᠳᠡᠭ ᠃ ᠡᠨᠭ  ᠤᠨ ᠪᠠᠶᠢᠳᠠᠯ  ᠳᠤ ᠪᠦᠰᠡ  ᠪᠠᠨ ᠲᠡᠭᠡᠵᠣ ᠣᠯᠠᠨ ᠲᠠᠶᠢᠯᠳᠠᠭ ᠦᠭᠡᠢ ᠃ ᠪᠦᠰᠡ  ᠪᠠᠨ ᠲᠠᠶᠢᠯᠣᠮᠠᠭᠴᠠ ᠴᠠᠭᠠᠷᠢᠭᠯᠠᠨ ᠡᠪᠭᠡᠵᠣ ᠂ ᠬᠠᠨ᠎ᠠ ᠵᠢᠨ ᠲᠣᠯᠣᠭᠠᠢ  ᠳᠤ ᠡᠯᠭᠦᠬᠦ  ᠪᠤᠶᠤ ᠠᠪᠳᠠᠷ᠎ᠠ ᠬᠣᠷᠭᠣᠨ ᠳᠡᠭᠡᠷ᠎ᠡ ᠲᠠᠯᠪᠢᠨ᠎ᠠ ᠃ ᠰᠥᠨᠢ ᠤᠨᠳᠠᠬᠣ  ᠳᠠᠭᠠᠨ ᠪᠦᠰᠡ  ᠪᠠᠨ ᠴᠠᠭᠠᠷᠢᠭᠯᠠᠨ ᠡᠪᠭᠡᠵᠣ ᠳᠡᠷ᠎ᠡ ᠵᠢᠨ  ᠢᠶᠡᠨ  ᠳᠡᠷᠭᠡᠳᠡ ᠲᠠᠯᠪᠢᠳᠠᠭ ᠃ ᠪᠦᠰᠡ ᠵᠢᠨ ᠳᠡᠭᠡᠭᠦᠷ ᠠᠯᠬᠣᠬᠣ ᠂ ᠪᠦᠰᠡᠨ ᠳᠡᠭᠡᠷ᠎ᠡ ᠬᠢᠰᠬᠢᠬᠦ ᠵᠢ ᠶᠡᠭᠡ ᠴᠡᠭᠡᠷᠯᠡᠨ᠎ᠡ ᠃ ᠪᠣᠰᠣᠳ  ᠤᠨ ᠪᠦᠰᠡᠨ ᠳᠡᠭᠡᠷ᠎ᠡ ᠬᠢᠰᠭᠢᠬᠦ ᠪᠤᠶᠤ ᠠᠯᠬᠣᠭᠰᠠᠨ  ᠢ ᠳᠣᠷᠣᠮᠵᠢᠯᠠᠯ  ᠳᠤ ᠲᠣᠭᠠᠴᠠᠳᠠᠭ ᠪᠠᠶᠢᠨ᠎ᠠ ᠃

ᠡᠷᠡᠭᠲᠡᠢ ᠬᠦᠮᠦᠨ ᠳᠡᠪᠡᠯ ᠡᠮᠦᠰᠬᠦ   ᠳᠡᠭᠡᠨ ᠵᠠᠪᠠᠯ ᠪᠦᠰᠡ ᠪᠦᠰᠡᠯᠡᠬᠦ ᠶᠣᠰᠣ  ᠲᠠᠢ ᠃ ᠣᠷᠣᠭᠯᠠᠭᠰᠠᠨ ᠡᠮᠡᠭᠲᠡᠢ ᠡᠨᠭ   ᠤᠨ ᠪᠠᠶᠢᠳᠠᠯ  ᠳᠤ ᠪᠦᠰᠡ ᠪᠦᠰᠡᠯᠡᠬᠦ ᠦᠭᠡᠢ ᠃ ᠮᠣᠷᠢ ᠤᠨᠣᠬᠣ  ᠳᠤ ᠰᠠᠶ᠋ᠢ ᠪᠦᠰᠡ  ᠪᠠᠨ ᠪᠦᠰᠡᠯᠡᠵᠣ ᠂ ᠭᠡᠷ  ᠲᠡᠭᠡᠨ ᠢᠷᠡᠮᠡᠭᠴᠡ ᠮᠥᠨ ᠪᠦᠰᠡ  ᠪᠠᠨ ᠲᠠᠶᠢᠯᠵᠣ ᠲᠠᠯᠪᠢᠨ᠎ᠠ ᠃ ᠬᠠᠷᠢ  ᠳᠤ ᠮᠣᠷᠳᠠᠭᠠᠳᠣᠢ ᠥᠬᠢᠨ ᠬᠦᠮᠦᠨ ᠡᠷᠡᠭᠲᠡᠢᠢᠴᠦᠳ   ᠲᠠᠢ ᠠᠳᠠᠯᠢ ᠬᠡᠵᠢᠶᠡᠳᠡ ᠪᠦᠰᠡ ᠪᠦᠰᠡᠯᠡᠵᠣ ᠶᠠᠪᠣᠬᠣ ᠶᠣᠰᠣ  ᠲᠠᠢ ᠃ ᠡᠭᠦᠨ ᠡᠴᠡ ᠭᠠᠳᠠᠨ᠎ᠠ ᠂ ᠪᠥᠭᠡ ᠵᠢᠨ ᠪᠠᠷᠢᠯᠳᠣᠭᠠᠨ  ᠳᠤ ᠵᠣᠳᠣᠭ  ᠢ ᠡᠯᠢᠭᠡ  ᠪᠦᠰᠡ  ᠪᠠᠷ ᠪᠦᠰᠡᠯᠡᠳᠡᠭ ᠃

( ︽ ᠮᠣᠩᠭᠣᠯ ᠵᠠᠩ ᠦᠢᠯᠡ ᠵᠢᠨ ᠵᠦᠢ ) ᠨᠣᠮ  ᠡᠴᠡ ᠠᠰᠢᠭᠯᠠᠪᠠ )

ᠰᠢᠭᠦᠮᠵᠢ