• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠣᠳᠣᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠮᠣᠩᠭᠣᠯ ᠭᠣᠳᠣᠯ  ᠢ ᠬᠢᠬᠦ ᠡᠳ᠋  ᠢᠶᠡᠷ   ᠨᠢ ᠠᠷᠠᠰᠤᠨ ᠭᠣᠳᠣᠯ ᠂ ᠪᠦᠰ ᠭᠣᠳᠣᠯ ᠂ ᠢᠰᠡᠭᠡᠢ ᠭᠣᠳᠣᠯ ᠭᠡᠵᠣ ᠭᠤᠷᠪᠠ ᠬᠣᠪᠢᠶᠠᠨ᠎ᠠ ᠃ ᠬᠡᠯᠪᠡᠷᠢ ᠪᠠᠷ  ᠨᠢ ᠰᠥᠭᠦᠭᠡᠢ ᠭᠣᠳᠣᠯ ᠂ ᠡᠭᠡᠲᠡᠨ  ᠭᠣᠳᠣᠯ ᠂ ᠰᠤᠭᠰᠣᠯ ᠭᠣᠳᠣᠯ ᠂ ᠪᠣᠶᠢᠳᠣᠭ ᠂ ᠱᠥᠪᠥᠭᠡᠷ ᠭᠣᠳᠣᠯ ᠂ ᠪᠠᠶᠢᠪᠠᠭ ᠂ ᠲᠡᠯᠳ᠋ᠸ ᠂ ᠥᠨᠳᠡᠭᠡᠨ ᠬᠠᠮᠠᠷᠳᠣ ᠭᠣᠳᠣᠯ ᠭᠡᠵᠣ ᠢᠯᠭᠠᠳᠠᠭ ᠃ ᠠᠷᠠᠰᠤᠨ ᠭᠣᠳᠣᠯ  ᠢ ᠪᠤᠯᠢᠭᠠᠷᠢᠨ ᠭᠣᠳᠣᠯ ᠂ ᠰᠢᠷᠢ ᠭᠣᠳᠣᠯ ᠂ ᠬᠥᠮ ᠭᠣᠳᠣᠯ ᠂ ᠲᠡᠭᠳᠡᠢ ᠭᠡᠵᠣ ᠢᠯᠭᠠᠨ᠎ᠠ ᠃ ᠢᠰᠡᠭᠡᠢ ᠭᠣᠳᠣᠯ  ᠢ ᠪᠣᠯᠭᠣᠮᠠᠯ ᠪᠠ ᠣᠶᠣᠮᠠᠯ ᠭᠡᠵᠣ ᠬᠣᠪᠢᠶᠠᠨ᠎ᠠ ᠃ ᠢᠰᠡᠭᠡᠢ ᠪᠠᠷ ᠵᠣᠯᠠᠵᠣ ᠪᠣᠯᠭᠣᠭᠰᠠᠨ ᠭᠣᠳᠣᠯ  ᠢ ᠪᠣᠶᠢᠳᠣᠭ ᠭᠡᠵᠣ ᠨᠡᠷᠡᠯᠡᠳᠡᠭ ( ᠪᠣᠶᠢᠳᠣᠭ  ᠢ ᠨᠢᠯᠬ᠎ᠠ ᠬᠡᠦᠭᠡᠳ ᠡᠮᠦᠰᠬᠦ   ᠨᠢ ᠣᠯᠠᠨ ) ᠃ ᠪᠦᠰ ᠭᠣᠳᠣᠯ  ᠢ ᠥᠭᠡᠳᠡᠩ ᠭᠣᠳᠣᠯ ᠂ ᠣᠷᠢᠶᠠᠮᠠᠯ ᠭᠣᠳᠣᠯ ᠂ ᠬᠠᠳᠬᠣᠮᠠᠯ ᠭᠣᠳᠣᠯ ᠂ ᠰᠢᠷᠢᠮᠡᠯ ᠭᠣᠳᠣᠯ ᠭᠡᠬᠦ ᠮᠡᠳᠦ ᠪᠠᠷ ᠢᠯᠭᠠᠵᠣ ᠨᠡᠷᠡᠯᠡᠨ᠎ᠡ ᠃ ᠮᠥᠨ ᠪᠥᠭᠡ ᠪᠠᠷᠢᠯᠳᠣᠬᠣ  ᠳᠤ ᠵᠣᠷᠢᠭᠣᠯᠣᠭᠰᠠᠨ ᠪᠥᠭᠡ ᠵᠢᠨ ᠭᠣᠳᠣᠯ ᠭᠡᠵᠣ ᠪᠠᠶᠢᠳᠠᠭ ᠃
untitled

 

ᠠᠷᠠᠰᠤᠨ ᠭᠣᠳᠣᠯ  ᠢ ᠮᠣᠩᠭᠣᠯᠴᠣᠳ ᠬᠠᠮᠣᠭ  ᠤᠨ ᠥᠷᠭᠡᠨ ᠡᠮᠦᠰᠴᠦ  ᠢᠷᠡᠭᠰᠡᠨ ᠶᠤᠮ ᠃ ᠠᠷᠠᠰᠤᠨ ᠭᠣᠳᠣᠯ  ᠢ ᠶᠡᠷᠦ ᠳ᠋ᠡᠭᠡᠨ ᠥᠭᠡᠷ  ᠤᠨ ᠠᠷᠠᠰᠤ ᠪᠠᠷ ᠬᠢᠳᠡᠭ ᠃ ᠪᠠᠰᠠ ᠮᠣᠷᠢ ᠪᠣᠯᠣᠨ ᠢᠮᠠᠭᠠᠨ  ᠤ ᠠᠷᠠᠰᠤ ᠪᠠᠷ ᠣᠶᠣᠳᠠᠭ ᠴᠤ ᠪᠤᠢ ᠃ ᠠᠷᠠᠰᠤᠨ ᠭᠣᠳᠣᠯ  ᠤᠨ ᠳᠣᠳᠣᠷ᠎ᠠ ᠲᠦᠷᠡᠶᠢᠪᠴᠢ ( ᠣᠶᠢᠮᠣᠰᠣᠨ  ᠤ ᠬᠠᠷᠠᠭ᠎ᠠ ) ᠬᠢᠵᠣ ᠡᠮᠦᠰᠬᠦ  ᠨᠢ ᠣᠯᠠᠨ ᠃ ᠲᠦᠷᠡᠶᠢᠪᠴᠢ  ᠳᠤ ᠶᠠᠩᠵᠣ ᠪᠦᠷᠢ ᠵᠢᠨ ᠰᠡᠶᠢᠯᠦᠮᠡᠯ ᠭᠡ ᠤᠭᠠᠯᠵᠠ  ᠲᠠᠢ ᠂ ᠨᠣᠭᠣᠭᠠᠨ ᠲᠠᠰᠠᠮ᠎ᠠ  ᠲᠠᠢ ᠪᠠᠶᠢᠳᠠᠭ ᠃ ᠲᠦᠷᠡᠶᠢᠪᠴᠢ  ᠨᠢ ᠭᠣᠳᠣᠯ  ᠳᠤ ᠴᠢᠮᠡᠭ ᠪᠣᠯᠳᠠᠭ ᠪᠥᠭᠡᠳ ᠮᠣᠷᠢ ᠣᠨᠣᠬᠣ  ᠳᠤ ᠲᠥᠷᠥᠭᠡᠨ ᠰᠤᠷ  ᠤᠨ ᠬᠣᠯᠭᠣᠬᠣ  ᠡᠴᠡ ᠰᠡᠷᠭᠡᠶᠢᠯᠡᠳᠡᠭ ᠃

 

1

 

ᠭᠣᠳᠣᠯ  ᠨᠢ ᠤᠯᠠ ᠂ ᠵᠣᠯᠣᠭ ᠂ ᠲᠦᠷᠡᠢ ᠂ ᠬᠠᠪᠴᠢᠶᠠᠷᠢ ᠵᠡᠷᠭᠡ ᠪᠠᠷ ᠪᠦᠷᠢᠯᠳᠦᠭᠦ ᠪᠥᠭᠡᠳ ᠠᠩᠬ᠎ᠠ ᠲᠠᠩ ᠬᠠᠪᠴᠢᠶᠠᠷᠢ ᠲ᠋ᠠᠢ ᠪᠠᠶᠢᠭᠰᠠᠨ  ᠢᠶᠡᠨ ᠤᠯᠠᠮ  ᠢᠶᠡᠷ  ᠬᠥᠭᠵᠢᠵᠤ ᠭᠤᠷᠪᠠᠨ ᠬᠠᠪᠴᠢᠶᠠᠷᠢ  ᠲᠠᠢ ᠪᠣᠯᠵᠠᠢ ᠃ ᠭᠣᠳᠣᠯ  ᠢ ᠬᠣᠩᠬᠢᠯᠳᠠᠭ  ᠢᠶᠡᠷ  ᠡᠮᠦᠰᠬᠦ  ᠨᠢ ᠴᠥᠭᠡᠨ ᠃ ᠤᠶᠢᠮᠣᠰᠣ  ᠲᠠᠢ ᠡᠮᠦᠰᠬᠦ  ᠪᠤᠶᠤ ᠣᠷᠢᠶᠠᠯᠳᠠ ᠪᠠᠷ ᠣᠷᠢᠶᠠᠵᠣ ᠡᠮᠦᠰᠬᠦ   ᠨᠢ ᠣᠯᠠᠨ ᠪᠠᠶᠢᠳᠠᠭ ᠶᠤᠮ ᠃

 

2

 

ᠮᠣᠩᠭᠣᠯᠴᠣᠳ ᠭᠣᠳᠣᠯ  ᠤᠨ ᠲᠦᠷᠡᠢ ᠵᠢ ᠡᠷᠭᠢᠭᠦᠯᠬᠦ  ᠵᠢ ᠴᠡᠭᠡᠷᠯᠡᠨ᠎ᠡ ᠂ ᠶᠠᠯ᠎ᠠ ᠬᠢᠵᠣ ᠱᠣᠷᠣᠩ  ᠳᠤ ᠣᠷᠣᠭᠰᠠᠨ ᠬᠦᠮᠦᠨ  ᠤ ᠭᠣᠳᠣᠯ  ᠤᠨ ᠲᠦᠷᠡᠢ ᠵᠢ ᠰᠠᠶ᠋ᠢ ᠡᠷᠭᠢᠭᠦᠯᠳᠡᠭ  ᠭᠡᠨ᠎ᠡ ᠃ ᠭᠣᠳᠣᠯ  ᠤᠨ ᠤᠯᠠ ᠵᠢ ᠣᠷᠣᠭᠰᠢ ᠪᠠᠨ ᠬᠠᠨᠳᠣᠭᠣᠯᠬᠣ ᠦᠭᠡᠢ ᠂ ᠬᠠᠪᠰᠤᠷᠴᠤ ᠲᠠᠯᠪᠢᠳᠠᠭ ᠦᠭᠡᠢ ᠃ ᠭᠣᠳᠣᠯ  ᠢ ᠳᠡᠭᠡᠭᠰᠢ ᠪᠠᠨ ᠬᠠᠨᠳᠣᠭᠰᠠᠨ ᠠᠮᠰᠠᠷ  ᠲᠠᠢ ᠬᠡᠮᠡᠨ ᠪᠡᠯᠡᠭ  ᠲᠤ ᠥᠭᠳᠡᠭ ᠃

( ᠲᠤᠰ ᠬᠡᠰᠡᠭᠯᠡᠯ  ᠳᠤ ︽ ᠮᠣᠩᠭᠣᠯ ᠵᠠᠩ ᠦᠢᠯᠡ ᠵᠢᠨ ᠵᠦᠢ ) ᠪᠣᠯᠣᠨ ︽ ᠮᠣᠩᠭᠣᠯ ᠦᠨᠳᠦᠰᠦᠳᠡᠨ  ᠤ ᠬᠣᠪᠴᠠᠰᠤ ᠵᠠᠰᠠᠯ  ᠤᠨ ᠰᠣᠶᠣᠯ ) ᠨᠣᠮ  ᠢ ᠭᠣᠣᠯᠯᠠᠨ ᠠᠰᠢᠭᠯᠠᠪᠠ )

ᠰᠢᠭᠦᠮᠵᠢ