• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠠᠯᠠᠭᠠᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠮᠣᠩᠭᠣᠯ ᠮᠠᠯᠠᠭᠠᠢ ᠵᠢ ᠤᠯᠠᠷᠢᠯ  ᠤᠨ ᠬᠢ ᠂ ᠭᠣᠶᠣᠯ  ᠤᠨ ᠬᠢ ᠭᠡᠵᠣ ᠦᠨᠳᠦᠰᠦᠨ ᠬᠣᠶᠠᠷ ᠲᠥᠷᠥᠯ  ᠳᠤ ᠠᠩᠬᠢᠯᠠᠬᠣ ᠵᠢᠨ ᠲ᠋ᠠᠭᠠᠤ ᠡᠷᠡᠭᠲᠡᠢᠢᠴᠦᠳ   ᠤᠨ ᠬᠢ ᠂ ᠡᠮᠡᠭᠲᠡᠢᠢᠴᠦᠳ   ᠤᠨ ᠬᠢ ᠂ ᠬᠡᠦᠭᠡᠳ  ᠤᠨ ᠬᠡᠵᠣ ᠢᠯᠭᠠᠨ ᠨᠡᠷᠡᠯᠡᠳᠡᠭ ᠃ ᠮᠠᠯᠠᠭᠠᠢ  ᠨᠢ ᠬᠥᠮᠦᠨ  ᠤ ᠲᠣᠯᠣᠭᠠᠢ ᠵᠢ ᠰᠠᠯᠬᠢ ᠰᠢᠭᠣᠷᠭ᠎ᠠ ᠂ ᠬᠦᠢᠳᠡᠨ ᠠᠭᠠᠷ ᠂ ᠨᠠᠷᠠᠨ  ᠤ ᠬᠠᠯᠠᠭᠣᠨ ᠵᠡᠷᠭᠡ  ᠡᠴᠡ ᠬᠠᠯᠬᠠᠯᠠᠵᠣ ᠬᠠᠮᠠᠭᠠᠯᠠᠬᠣ  ᠵᠢ ᠬᠦᠢᠴᠡᠳᠭᠡᠳᠡᠭ ᠃ ᠲᠡᠶᠢᠮᠦ ᠪᠣᠯᠬᠣᠷ ᠬᠦᠢᠳᠡᠨ ᠴᠠᠭ  ᠲᠤ ᠡᠮᠦᠰᠳᠡᠭ  ᠮᠠᠯᠠᠭᠠᠢ  ᠨᠢ ᠬᠦᠮᠦᠨ  ᠤ ᠨᠢᠭᠣᠷ ᠂ ᠴᠢᠭᠢ ᠂ ᠰᠢᠨᠠ ᠵᠢ ᠲᠠᠭᠠᠷᠠᠵᠣ ᠪᠡᠭᠡᠷᠡᠬᠦ  ᠡᠴᠡ ᠰᠡᠷᠭᠡᠶᠢᠯᠡᠬᠦ ᠪᠥᠴᠡ ᠪᠠᠭᠣᠯᠭᠠᠪᠴᠢ  ᠲᠠᠢ ᠪᠠᠶᠢᠵᠣ ᠂ ᠬᠠᠯᠠᠭᠣᠨ ᠴᠠᠭ  ᠲᠤ ᠡᠮᠦᠰᠳᠡᠭ  ᠮᠠᠯᠠᠭᠠᠢ  ᠨᠢ ᠨᠢᠮᠭᠡᠪᠳᠦᠷ ᠪᠥᠭᠡᠳ ᠲᠣᠮᠣ ᠰᠠᠷᠠᠪᠴᠢ  ᠲᠠᠢ ᠪᠠᠶᠢᠳᠠᠭ ᠃
1

 

 

untitled

 

ᠮᠣᠩᠭᠣᠯ ᠦᠨᠳᠦᠰᠦᠳᠡᠨ  ᠤ ᠮᠠᠯᠠᠭᠠᠢ  ᠳᠤ ᠣᠪᠣᠭ ᠠᠶᠢᠮᠠᠭ ᠂ ᠣᠷᠣᠨ ᠨᠣᠳᠣᠭ ᠂ ᠵᠡᠷᠭᠡ ᠳᠡᠰ ᠂ ᠱᠠᠰᠢᠨ ᠰᠢᠳᠦᠯᠭᠡ ᠂ ᠴᠡᠷᠢᠭ ᠵᠠᠩᠵᠣᠨ ᠭᠡᠬᠦ ᠵᠡᠷᠭᠡ ᠣᠯᠠᠨ ᠵᠦᠢᠯ  ᠤᠨ ᠢᠯᠭᠠᠭ᠎ᠠ  ᠲᠠᠢ ᠪᠠᠶᠢᠳᠠᠭ ᠃ ᠮᠣᠩᠭᠣᠯᠴᠣᠳ ᠮᠠᠯᠠᠭᠠᠢ ᠪᠠᠨ ᠥᠭᠡᠳᠡᠯᠡᠨ ᠮᠠᠨᠳᠣᠵᠣ ᠂ ᠴᠤᠭ ᠵᠣᠯᠪᠣᠭ᠎ᠠ  ᠲᠠᠢ ᠶᠠᠪᠣᠬᠣ ᠵᠢᠨ ᠪᠡᠯᠭᠡᠳᠡᠯ ᠪᠣᠯᠭᠠᠨ ᠦᠵᠡᠵᠣ ᠂ ᠬᠥᠨᠳᠦᠳᠭᠡᠨ ᠳᠡᠭᠡᠳᠦᠯᠡᠳᠡᠭ ᠤᠯᠠᠮᠵᠢᠯᠠᠯ  ᠲᠠᠢ ᠃ ᠮᠣᠩᠭᠣᠯᠴᠣᠳ ᠠᠯᠢᠪᠠ ᠬᠥᠨᠳᠦᠳᠭᠡᠯ  ᠤᠨ ᠶᠣᠰᠣᠨ  ᠳᠤ ᠮᠠᠯᠠᠭᠠᠢ ᠡᠮᠦᠰᠬᠦ  ᠶᠤᠰᠤ  ᠲᠠᠢ ᠪᠥᠭᠡᠳ ᠶᠡᠷᠦ  ᠶᠢᠨ ᠴᠠᠭ  ᠲᠤ ᠮᠠᠯᠠᠭᠠᠢ ᠪᠠᠨ ᠬᠠᠮᠢᠶ᠎ᠠ ᠨᠠᠮᠢᠶ᠎ᠠ ᠦᠭᠡᠢ ᠲᠠᠯᠪᠢᠬᠤ ᠂ ᠡᠰᠡᠬᠦᠯ᠎ᠡ ᠬᠠᠵᠠᠶᠢᠯᠭᠠᠵᠣ ᠡᠮᠦᠰᠬᠦ  ᠵᠢ ᠴᠡᠭᠡᠷᠯᠡᠳᠡᠭ ᠃

ᠮᠣᠩᠭᠣᠯᠴᠣᠳ ᠮᠠᠯᠠᠭᠠᠢ ᠵᠢ ᠴᠢᠭᠢ  ᠲᠠᠢ ᠮᠠᠯᠠᠭᠠᠢ ᠂ ᠳᠣᠭᠣᠢ ᠮᠠᠯᠠᠭᠠᠢ ᠂ ᠲᠣᠭᠣᠷᠴᠣᠭ ᠭᠡᠵᠣ ᠦᠨᠳᠦᠰᠦᠨ ᠭᠤᠷᠪᠠᠨ ᠲ᠋ᠥᠷᠥᠯ  ᠳᠤ ᠠᠩᠬᠢᠯᠠᠵᠣ ᠂ ᠴᠢᠭᠢ  ᠲᠠᠢ ᠮᠠᠯᠠᠭᠠᠢ ᠵᠢ ᠴᠠᠭᠠᠰᠢ  ᠨᠢ ᠱᠣᠪᠣᠭᠣᠷ ᠮᠠᠯᠠᠭᠠᠢ ᠂ ᠳᠥᠷᠪᠡᠨ ᠴᠢᠭᠢ  ᠲᠠᠢ ᠬᠡᠭᠦ ᠮᠡᠳᠦ ᠪᠠᠷ ᠂ ᠳᠣᠭᠣᠢ ᠮᠠᠯᠠᠭᠠᠢ ᠵᠢ ᠳᠣᠳᠣᠷ᠎ᠠ  ᠨᠢ ᠱᠣᠪᠣᠭᠣᠷ ᠣᠷᠣᠢ  ᠲᠠᠢ ᠂ ᠪᠥᠮᠪᠥᠭᠡᠷ ᠣᠷᠣᠢ  ᠲᠠᠢ ᠂ ᠲᠡᠭᠰᠢ ᠣᠷᠣᠢ ᠲ᠋ᠠᠢ ᠭᠡᠵᠣ ᠂ ᠲᠣᠭᠣᠷᠴᠣᠭ  ᠢ ᠢᠰᠡᠭᠡᠢ ᠲᠣᠭᠣᠷᠴᠣᠭ ᠂ ᠲᠣᠷᠭᠠᠨ ᠲᠣᠭᠣᠷᠴᠣᠭ ᠭᠡᠬᠦ ᠵᠡᠷᠭᠡ ᠪᠠᠷ ᠢᠯᠭᠠᠳᠠᠭ ᠃ ᠮᠥᠨ ᠤᠷᠠᠯᠠᠬᠣ ᠡᠳ᠋  ᠢᠶᠡᠷ   ᠨᠢ ᠬᠤᠷᠠᠭᠠᠨ ᠂ ᠢᠰᠢᠭᠡᠨ ᠂ ᠦᠨᠡᠭᠡᠨ ᠂ ᠪᠤᠯᠠᠭᠠᠨ ᠂ ᠬᠠᠯᠢᠭᠣᠨ ᠂ ᠮᠠᠯᠠᠭᠠᠢ ᠭᠡᠵᠣ ᠨᠡᠷᠡᠯᠡᠳᠡᠭ ᠃ ᠮᠣᠩᠭᠣᠯᠴᠣᠳ ᠴᠢᠭᠢ  ᠲᠠᠢ ᠮᠠᠯᠠᠭᠠᠢ ᠵᠢ ᠭᠣᠣᠯᠳᠠᠭᠣ ᠠᠵᠢᠯ ᠬᠥᠳᠡᠯᠮᠦᠷᠢ ᠳ᠋ᠡᠭᠡᠨ ᠶᠠᠪᠣᠬᠣ ᠦᠶ᠎ᠡ  ᠳᠤ ᠡᠮᠦᠰᠴᠦ  ᠂ ᠲᠣᠭᠣᠢ ᠮᠠᠯᠠᠭᠠᠢ ᠪᠠ ᠲᠣᠭᠣᠷᠴᠣᠭ  ᠢ ᠬᠣᠷᠢᠮ ᠨᠠᠶᠢᠷ ᠂ ᠵᠢᠯ ᠴᠠᠭᠠᠨ ᠰᠠᠷ᠎ᠠ  ᠳᠤ ᠡᠮᠦᠰᠳᠡᠭ  ᠃
3

 

 

ᠡᠭᠦᠨ  ᠡᠴᠡ ᠭᠠᠳᠠᠨ᠎ᠠ ᠮᠣᠩᠭᠣᠯᠴᠣᠳ ᠬᠠᠪᠣᠷ ᠂ ᠵᠣᠨ ᠂ ᠨᠠᠮᠣᠷ  ᠤᠨ ᠤᠯᠠᠷᠢᠯ  ᠳᠤ ᠠᠯᠴᠢᠭᠣᠷ  ᠢᠶᠡᠷ  ᠲᠣᠯᠣᠭᠠᠢ ᠪᠠᠨ ᠣᠷᠢᠶᠠᠳᠠᠭ ᠵᠠᠩᠰᠢᠯ  ᠲᠠᠢ ᠃ ᠠᠯᠴᠢᠭᠣᠷ  ᠢ ᠪᠠᠭᠠᠴᠣᠳ ᠵᠠᠯᠠᠭᠣᠴᠣᠳ ᠪᠣᠯ ᠠᠷᠣ  ᠳᠠᠭᠠᠨ ᠴᠠᠴᠣᠭ ᠭᠠᠷᠭᠠᠨ ᠣᠷᠢᠶᠠᠵᠣ ᠂ ᠢᠳᠡᠷ ᠠᠬᠢᠮᠠᠭ ᠨᠠᠰᠣᠨ  ᠤ ᠬᠦᠮᠦᠰ ᠪᠣᠯ ᠴᠠᠴᠣᠭ ᠭᠠᠷᠭᠠᠬᠣ ᠦᠭᠡᠢ ᠳᠣᠭᠣᠶᠢᠯᠠᠨ ᠣᠷᠢᠶᠠᠨ᠎ᠠ ᠃ ᠵᠠᠯᠠᠭᠣᠴᠣᠳ ᠪᠣᠯ ᠲᠣᠷᠭ᠎ᠠ ᠲ᠋ᠣᠷᠳᠣᠩ  ᠢᠶᠡᠷ  ᠲᠣᠯᠣᠭᠠᠢ ᠪᠠᠨ ᠣᠷᠢᠶᠠᠵᠣ ᠂ ᠨᠠᠰᠣᠳᠠᠶᠢᠴᠣᠳ ᠪᠣᠯ ᠪᠦᠰ ᠂ ᠴᠢᠰᠴᠠᠣ ᠪᠠᠷ ᠲᠣᠯᠣᠭᠠᠢ ᠪᠠᠨ ᠤᠷᠢᠶᠠᠳᠠᠭ ᠪᠠᠶᠢᠨ᠎ᠠ ᠃
2

ᠰᠢᠭᠦᠮᠵᠢ