• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠩᠭᠣᠯ ᠡᠮᠡᠭᠳᠡᠶᠢᠴᠣᠳ  ᠤᠨ ᠬᠤᠪᠴᠠᠰᠤ ᠵᠠᠰᠠᠯ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠮᠣᠩᠭᠣᠯ ᠡᠮᠡᠭᠲᠡᠶᠢᠴᠦᠳ   ᠤᠨ ᠤᠯᠠᠮᠵᠢᠯᠠᠯᠳᠣ ᠬᠤᠪᠴᠠᠰᠤ ᠵᠠᠰᠠᠯ  ᠳᠤ ᠳᠡᠪᠡᠯ ᠲᠡᠷᠯᠢᠭ ᠂ ᠮᠠᠯᠠᠭᠠᠢ ᠠᠯᠴᠢᠭᠣᠷ ᠂ ᠤᠤᠵᠢ ᠂ ᠭᠣᠳᠣᠯ ᠵᠡᠷᠭᠡ  ᠡᠴᠡ ᠭᠠᠳᠠᠨ᠎ᠠ ᠣᠯᠠᠨ ᠵᠦᠢᠯ  ᠤᠨ ᠲᠣᠯᠣᠭᠠᠢ ᠵᠢᠨ ᠵᠠᠰᠠᠯ ᠴᠢᠮᠡᠭ ᠂ ᠡᠬᠡᠮᠦᠭ  ᠂ ᠪᠦᠭᠡᠵᠢ ᠂ ᠪᠠᠭᠣᠪᠴᠢ ᠂ ᠵᠡᠭᠦᠪᠴᠢ ᠭᠡᠭᠦ ᠮᠡᠳᠦ ᠪᠤᠢ ᠃ ᠡᠭᠦᠨ   ᠳᠤ ᠥᠬᠢᠨ ᠬᠦᠮᠦᠨ  ᠤ ᠬᠤᠪᠴᠠᠰᠤ ᠵᠠᠰᠠᠯ ᠪᠣᠯᠣᠨ ᠡᠬᠡᠨᠡᠷ  ᠬᠦᠮᠦᠨ  ᠤ ᠬᠤᠪᠴᠠᠰᠤ ᠵᠠᠰᠠᠯ  ᠨᠢ ᠠᠳᠠᠯᠢ ᠦᠭᠡᠢ ᠪᠠᠶᠢᠳᠠᠭ ᠃
1 2

 

ᠮᠣᠩᠭᠣᠯ ᠡᠮᠡᠭᠲᠡᠶᠢᠴᠦᠳ   ᠤᠨ ᠲᠣᠯᠣᠭᠠᠢ ᠵᠢᠨ ᠵᠠᠰᠠᠯ  ᠨᠢ ᠭᠣᠣᠯᠳᠠᠭᠣ ᠬᠡᠵᠢᠭᠡ ᠦᠰᠦ ᠵᠢ ᠴᠢᠮᠡᠨ ᠵᠠᠰᠠᠵᠣ ᠂ ᠤᠯᠠᠮ ᠭᠣᠶᠣ ᠦᠵᠡᠰᠭᠦᠯᠡᠩ  ᠲᠠᠢ ᠪᠣᠯᠭᠠᠬᠣ  ᠳᠤ ᠵᠣᠷᠢᠭᠣᠯᠣᠭᠳᠠᠳᠠᠭ ᠃ ᠭᠡᠬᠦ ᠳ᠋ᠡᠭᠡᠨ ᠥᠬᠢᠨ ᠬᠦᠮᠦᠨ  ᠤ ᠲᠣᠯᠣᠭᠠᠢ ᠵᠢᠨ ᠵᠠᠰᠠᠯ ᠲ᠋ᠥᠭᠦᠮᠭᠡᠨ ᠪᠠᠶᠢᠵᠣ ᠂ ᠡᠮᠡᠭᠲᠡᠶᠢᠴᠦᠳ  ᠬᠠᠷᠢ  ᠳᠤ ᠮᠣᠷᠳᠠᠭᠰᠠᠨ ᠡᠳᠦᠷ   ᠡᠴᠡ ᠡᠬᠢᠯᠡᠨ  ᠲᠣᠯᠣᠭᠠᠢ ᠵᠢᠨ ᠵᠠᠰᠠᠯ ᠵᠡᠭᠦᠳᠡᠭ ᠃ ᠨᠣᠳᠣᠭ ᠨᠣᠳᠣᠭ  ᠤᠨ ᠡᠮᠡᠭᠲᠡᠶᠢᠴᠦᠳ   ᠤᠨ ᠲᠣᠯᠣᠭᠠᠢ ᠵᠢᠨ ᠵᠠᠰᠠᠯ  ᠨᠢ ᠬᠠᠷᠢᠯᠴᠠᠨ ᠣᠨᠳᠣᠣ ᠪᠠᠶᠢᠳᠠᠭ ᠤᠨᠴᠠᠯᠢᠭ  ᠲᠠᠢ ᠃ ᠲᠣᠯᠣᠭᠠᠢ ᠵᠢᠨ ᠵᠠᠰᠠᠯ  ᠨᠢ ᠰᠦᠢᠭᠡ ᠂ ᠲᠠᠳᠠᠭᠣᠷ ᠂ ᠰᠢᠷᠬᠢᠭᠦᠯ ᠂ ᠬᠠᠨᠳᠠᠷᠭ᠎ᠠ ᠂ ᠬᠣᠯᠪᠣᠭ᠎ᠠ ᠂ ᠤᠨᠵᠢᠯᠭ᠎ᠠ ᠂ ᠰᠢᠬᠠᠯᠳᠠ ᠂ ᠬᠣᠢ ᠵᠡᠷᠭᠡ  ᠡᠴᠡ ᠪᠥᠷᠢᠯᠳᠦᠳᠡᠭ ᠃ ᠨᠠᠰᠤ ᠠᠬᠢᠭᠰᠠᠨ ᠡᠮᠡᠭᠲᠡᠶᠢᠴᠦᠳ  ᠲᠣᠯᠣᠭᠠᠢ ᠵᠢᠨ ᠵᠠᠰᠠᠯ ᠵᠡᠭᠦᠳᠡᠭ ᠦᠭᠡᠢ ᠶᠣᠰᠣ ᠲ᠋ᠠᠢ ᠃
3

 

ᠮᠣᠩᠭᠣᠯ ᠥᠬᠢᠳ ᠵᠢᠷᠭᠤᠭ᠎ᠠ ᠳᠣᠯᠣᠭᠠᠨ ᠨᠠᠰᠣᠨ ᠳᠡᠭᠡᠷ᠎ᠡ ᠪᠠᠨ ᠴᠢᠬᠢ ᠪᠠᠨ ᠴᠣᠭᠣᠯᠣᠭᠣᠯᠵᠣ ᠂ ᠡᠭᠡᠮᠦᠭ  ᠵᠡᠭᠦᠳᠡᠭ ᠵᠠᠩᠰᠢᠯ  ᠲᠠᠢ ᠃ ᠭᠡᠭᠦ ᠳ᠋ᠡᠭᠡᠨ ᠬᠠᠷᠢ  ᠳᠤ ᠮᠣᠷᠳᠠᠭᠠᠳᠣᠢ ᠥᠬᠢᠨ ᠬᠦᠮᠦᠨ  ᠳᠤ ᠭᠣᠶᠣ ᠰᠠᠶᠢᠬᠠᠨ ᠡᠭᠡᠮᠦᠭ  ᠵᠡᠭᠦᠯᠭᠡᠳᠡᠭ ᠦᠭᠡᠢ ᠃ ᠴᠢᠬᠢ ᠵᠢ  ᠨᠢ ᠴᠣᠭᠣᠯᠣᠭᠰᠠᠨ  ᠤ ᠳᠠᠷᠠᠭ᠎ᠠ ᠨᠥᠭᠡ  ᠨᠢ ᠪᠥᠭᠯᠡᠷᠡᠨ ᠡᠳᠡᠭᠡᠬᠦ   ᠡᠴᠡ ᠬᠢᠴᠢᠶᠡᠨ ᠪᠢᠴᠢᠬᠠᠨ ᠭᠠᠷᠠᠬᠠᠨ ᠡᠭᠡᠮᠦᠭ  ᠵᠡᠬᠦᠯᠭᠡᠬᠦ ᠴᠤ ᠪᠤᠢ ᠃ ᠡᠮᠡᠭᠲᠡᠶᠢᠴᠦᠳ   ᠲᠤ ᠬᠣᠷᠢᠮ  ᠤᠨ ᠶᠣᠰᠣᠯᠠᠯ ᠳᠡᠭᠡᠷ᠎ᠡ  ᠨᠢ ᠰᠠᠶ᠋ᠢ ᠭᠣᠶᠣ ᠬᠡᠭᠡᠨᠴᠢᠷ ᠡᠭᠡᠮᠦᠭ   ᠢ ᠵᠡᠭᠦᠯᠭᠡᠳᠡᠭ ᠪᠠᠶᠢᠨ᠎ᠠ ᠃ ᠵᠠᠷᠢᠮ ᠨᠣᠳᠣᠭ  ᠲᠤ ᠡᠭᠡᠮᠦᠭ   ᠢ ᠰᠦᠢᠭᠡ ᠭᠡᠵᠣ ᠨᠡᠷᠡᠯᠡᠳᠡᠭ ( ᠡᠷᠲᠡᠨ  ᠳ᠋ᠡᠭᠡᠨ ᠮᠣᠩᠭᠣᠯ ᠡᠷᠡᠭᠲᠡᠶᠢᠴᠦᠳ  ᠴᠤ ᠴᠢᠭᠢᠨ ᠳ᠋ᠡᠭᠡᠨ ᠡᠭᠡᠮᠦᠭ  ᠵᠡᠭᠦᠳᠡᠭ ᠪᠠᠶᠢᠵᠠᠢ ) ᠃ ᠣᠯᠠᠩᠬᠢ ᠪᠦᠰᠡᠬᠦᠶᠢᠴᠤᠳ ᠮᠦᠩᠬᠦᠨ ᠡᠭᠡᠮᠦᠭ  ᠵᠡᠭᠦᠳᠡᠭ ᠃ ᠡᠭᠡᠮᠦᠭ   ᠲᠤ ᠭᠠᠷᠠᠬᠠᠨ ᠡᠭᠡᠮᠦᠭ  ᠂ ᠤᠨᠵᠢᠯᠭ᠎ᠠ ᠡᠭᠡᠮᠦᠭ  ᠂ ᠰᠢᠬᠢᠳᠭᠡᠷᠳᠡᠢ ᠡᠭᠡᠮᠦᠭ  ᠭᠡᠬᠦ ᠮᠡᠳᠦ ᠣᠯᠠᠨ ᠵᠦᠢᠯ ᠪᠤᠢ ᠃
4

 

 

ᠮᠣᠩᠭᠣᠯ ᠪᠦᠰᠡᠭᠦᠶᠢᠴᠣᠳ ᠪᠠᠭᠣᠣ  ᠳᠠᠭᠠᠨ ᠪᠠᠭᠣᠪᠴᠢ ᠵᠡᠭᠦᠵᠣ ᠂ ᠬᠣᠷᠣᠭᠣᠨ  ᠳᠠᠭᠠᠨ ᠪᠥᠭᠡᠵᠢ ᠵᠡᠭᠦᠳᠡᠭ ᠵᠠᠩᠰᠢᠯ  ᠲᠠᠢ ᠃ ᠬᠠᠷᠢ  ᠳᠤ ᠮᠣᠷᠳᠠᠭᠠᠳᠣᠢ ᠥᠬᠢᠨ ᠬᠦᠮᠦᠨ ᠪᠠᠭᠣᠪᠴᠢ ᠵᠡᠭᠦᠭᠦ  ᠨᠢ ᠴᠥᠭᠡᠨ ᠪᠠᠶᠢᠳᠠᠭ ᠪᠥᠭᠡᠳ ᠪᠥᠭᠡᠵᠢ ᠵᠢ ᠴᠤ ᠭᠡᠰᠡᠨ ᠴᠥᠭᠡᠨ ᠵᠡᠭᠦᠳᠡᠭ ( ᠬᠡᠷᠪᠡ ᠪᠠᠭᠤᠪᠴᠢ ᠵᠡᠬᠦᠭᠦ  ᠳᠤ ᠬᠦᠷᠪᠡᠯ ᠪᠠᠷᠠᠭᠣᠨ ᠭᠠᠷ  ᠲᠠᠭᠠᠨ ᠨᠢᠭᠡ ᠵᠢ ᠵᠡᠬᠦᠳᠡᠭ ) ᠃ ᠡᠮᠡᠭᠲᠡᠶᠢᠴᠦᠳ  ᠮᠥᠩᠬᠦ ᠪᠠᠷ ᠬᠢᠭᠰᠡᠨ ᠪᠥᠭᠡᠵᠢ ᠂ ᠪᠠᠭᠤᠪᠴᠢ ᠵᠡᠭᠦᠭᠦ  ᠨᠢ ᠣᠯᠠᠨ ᠃ ᠡᠭᠦᠨ   ᠡᠴᠡ ᠭᠠᠳᠠᠨ᠎ᠠ ᠵᠠᠭᠠᠨ  ᠤ ᠶᠠᠰᠤᠨ ᠪᠠᠭᠤᠪᠴᠢ ᠂ ᠬᠠᠰ ᠪᠠᠭᠤᠪᠴᠢ᠂ ᠬᠤᠪᠠᠨ ᠪᠠᠭᠤᠪᠴᠢ ᠂ ᠠᠯᠳᠠᠨ ᠪᠥᠭᠡᠵᠢ ᠵᠡᠷᠭᠡ ᠵᠢ ᠵᠡᠭᠦᠳᠡᠭ ᠃
5 6

 

ᠵᠡᠭᠦᠪᠴᠢ ᠭᠡᠳᠡᠭ  ᠨᠢ ᠮᠣᠩᠭᠣᠯ ᠡᠮᠡᠭᠲᠡᠶᠢᠴᠦᠳ   ᠤᠨ ᠵᠡᠬᠦᠦ ᠤᠲᠠᠰᠤ ᠠᠭᠤᠯᠳᠠᠭ ᠵᠢᠵᠢᠭ ᠤᠭᠤᠳᠠ ᠵᠢ ᠬᠡᠯᠡᠨ᠎ᠡ ᠃ ᠵᠡᠬᠦᠪᠴᠢ  ᠨᠢ ᠮᠥᠨ ᠴᠤ ᠨᠢᠭᠡ ᠵᠦᠢᠯ  ᠤᠨ ᠵᠠᠰᠠᠯ  ᠦᠨ ᠡᠳ᠋  ᠪᠣᠯᠬᠣ ᠶᠤᠮ ᠃ ᠡᠮᠡᠭᠲᠡᠶᠢᠴᠦᠳ  ᠵᠡᠬᠦᠪᠴᠢ ᠵᠢ ᠶᠡᠷᠦ ᠳ᠋ᠡᠭᠡᠨ ᠡᠨᠭᠭᠡᠷ   ᠤᠨ ᠲᠣᠪᠴᠢ  ᠡᠴᠡ ᠪᠠᠨ ᠲᠡᠭᠦᠵᠢᠯᠡᠵᠣ ᠡᠯᠢᠭᠡᠨ  ᠳ᠋ᠡᠭᠡᠨ ᠡᠪᠦᠷᠳᠦᠯᠡᠵᠣ ᠶᠠᠪᠣᠳᠠᠭ ᠃  ᠳᠡᠭᠡᠷ᠎ᠡ ᠳᠣᠷᠠᠳᠣᠭᠰᠠᠨ ᠵᠠᠰᠠᠯ ᠵᠢᠮᠰᠡᠭ  ᠡᠴᠡ ᠭᠠᠳᠠᠨ᠎ᠠ ᠂ ᠵᠠᠷᠢᠮ ᠨᠣᠳᠣᠭ  ᠲᠤ ᠮᠣᠩᠭᠣᠯ ᠡᠮᠡᠭᠲᠡᠶᠢᠴᠦᠳ  ᠰᠣᠨᠳᠣᠷ ᠵᠡᠭᠦᠳᠡᠭ ᠵᠠᠩᠰᠢᠯ  ᠲᠠᠢ ᠶᠤᠮ ᠃ ᠰᠣᠨᠳᠣᠷ  ᠲᠤ ᠣᠯᠠᠨ ᠵᠦᠢᠯ  ᠤᠨ ᠡᠳ᠋ ᠡᠷᠳᠡᠨᠢᠰ  ᠢᠶᠡᠷ  ᠬᠢᠭᠰᠡᠨ ᠰᠣᠨᠳᠣᠷ ᠪᠠᠭᠳᠠᠳᠠᠭ ᠃

( ︽ ᠮᠣᠩᠭᠣᠯ ᠵᠠᠩ ᠦᠢᠯᠡ ᠵᠢᠨ ᠵᠦᠢ ) ᠪᠣᠯᠣᠨ ︽ ᠮᠣᠩᠭᠣᠯ ᠦᠨᠳᠦᠰᠦᠳᠡᠨ  ᠤ ᠬᠤᠪᠴᠠᠰᠤ ᠵᠠᠰᠠᠯ  ᠤᠨ ᠰᠣᠶᠣᠯ ) ᠨᠣᠮ ᠢ ᠭᠣᠣᠯᠯᠠᠨ ᠠᠰᠢᠭᠯᠠᠪᠠ )

ᠰᠢᠭᠦᠮᠵᠢ