• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠩᠭᠣᠯ ᠡᠷᠡᠭᠳᠡᠶᠢᠴᠣᠳ  ᠤᠨ ᠬᠤᠪᠴᠠᠰᠤ ᠵᠠᠰᠠᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠮᠣᠩᠭᠣᠯ ᠡᠷᠡᠭᠲᠡᠶᠢᠴᠦᠳ   ᠤᠨ ᠤᠯᠠᠮᠵᠢᠯᠠᠯᠳᠣ ᠬᠤᠪᠴᠠᠰᠤ ᠵᠠᠰᠠᠯ  ᠳᠤ ᠮᠠᠯᠠᠭᠠᠢ ᠠᠯᠴᠢᠭᠣᠷ ᠂ ᠳᠡᠪᠡᠯ ᠲᠡᠷᠯᠢᠭ ᠂ ᠲᠠᠬᠣ ᠬᠡᠪᠡᠨᠡᠭ ᠂ ᠴᠠᠮᠴᠠ ᠬᠠᠨᠳᠠᠭᠠᠰᠤ ᠂ ᠥᠮᠥᠳᠦ ᠲᠤᠤᠬᠤᠤ ᠂ ᠣᠶᠢᠮᠣᠰᠣ ᠭᠣᠳᠣᠯ ᠪᠠᠶᠢᠬᠣ  ᠡᠴᠡ ᠭᠠᠳᠠᠨ᠎ᠠ ᠬᠡᠳᠡ ᠬᠢᠳᠣᠭ᠎ᠠ ᠂ ᠬᠥᠭᠦᠷ ᠳᠠᠯᠢᠩ ᠂ ᠭᠠᠩᠰᠠ ᠲᠠᠮᠠᠬᠢᠨ ᠣᠭᠣᠳᠠ ᠂ ᠪᠦᠭᠡᠵᠢ ᠪᠠᠭᠣᠪᠴᠢ ᠵᠡᠷᠭᠡ ᠪᠠᠶᠢᠳᠠᠭ ᠃ ᠡᠳᠡᠭᠡᠷ  ᠬᠣᠪᠴᠠᠰᠤ ᠵᠠᠰᠠᠯ  ᠢ  ᠡᠮᠦᠰᠴᠦ  ᠵᠡᠭᠦᠭᠦ  ᠳᠤ ᠴᠥᠮ ᠵᠣᠬᠢᠬᠣ ᠵᠠᠩ ᠦᠢᠯᠡ ᠵᠢ ᠵᠢᠷᠣᠮᠯᠠᠳᠠᠭ ᠶᠤᠮ ᠃

 

 

1

 

ᠬᠡᠳᠡ ᠴᠠᠬᠢᠭᠣᠷ ᠪᠣᠯ ᠳᠡᠭᠡᠷ᠎ᠡ ᠦᠶ᠎ᠡ ᠵᠢᠨ ᠮᠣᠩᠭᠣᠯᠴᠣᠳ  ᠤᠨ ᠪᠡᠶ᠎ᠡ  ᠳᠡᠭᠡᠨ ᠠᠪᠴᠤ ᠶᠠᠪᠤᠳᠠᠭ ᠭᠠᠯ ᠭᠠᠷᠭᠠᠬᠣ ᠬᠡᠷᠡᠭᠰᠡᠯ ᠮᠥᠨ ᠃ ᠬᠡᠳᠡ ᠭᠡᠳᠡᠭ  ᠨᠢ ᠮᠥᠩᠬᠦ ᠪᠤᠶᠤ ᠲᠡᠮᠦᠷ  ᠢᠶᠡᠷ  ᠬᠢᠭᠰᠡᠨ ᠬᠠᠪᠳᠠᠭᠠᠢ ᠪᠡᠶ᠎ᠡ  ᠳᠤ ᠰᠢᠬᠢᠳᠭᠡᠵᠣ ᠬᠠᠳᠠᠭᠠᠳ ᠂ ᠰᠡᠨᠵᠢ ᠭᠠᠷᠭᠠᠨ ᠵᠡᠭᠦᠳᠡᠭ ᠭᠠᠩ  ᠲᠠᠢ ᠲᠡᠮᠦᠷ  ᠢ ᠬᠡᠯᠡᠳᠡᠭ ᠃ ᠴᠠᠬᠢᠭᠣᠷ ᠭᠡᠳᠡᠭ  ᠨᠢ ᠲᠡᠮᠦᠷ  ᠲᠠᠢ ᠴᠠᠬᠢᠬᠣ  ᠳᠦ   ᠭᠠᠯ ( ᠣᠴᠢ ) ᠭᠠᠷᠳᠠᠭ ᠴᠢᠯᠠᠭᠣ ᠵᠢ ᠬᠡᠯᠡᠳᠡᠭ ᠃

 

ᠬᠢᠳᠣᠭ᠎ᠠ ᠪᠣᠯ ᠮᠣᠩᠭᠣᠯ ᠡᠷᠡᠭᠲᠡᠶᠢᠴᠦᠳ  ᠤᠨ ᠴᠢᠬᠣᠯᠠ ᠨᠢᠭᠡᠨ ᠵᠠᠰᠠᠯ ᠮᠥᠨ ᠂ ᠮᠥᠨ ᠴᠤ ᠳᠣᠳᠠᠭᠳᠠᠵᠣ ᠪᠣᠯᠣᠰᠢ ᠦᠭᠡᠢ ᠭᠠᠷ ᠦᠵᠦᠭᠦᠷ  ᠤᠨ ᠵᠡᠪᠰᠡᠭ ᠪᠠᠭᠠᠵᠢ ᠮᠥᠨ ᠃ ᠬᠢᠳᠣᠭ᠎ᠠ ᠵᠢ ᠮᠣᠷᠢᠨ  ᠳᠤ ᠮᠣᠷᠳᠠᠬᠣ ᠦᠶ᠎ᠡ  ᠳᠤ ᠪᠦᠰᠡᠨ  ᠤ ᠠᠷᠣ  ᠳᠠᠭᠠᠨ ᠬᠠᠪᠴᠢᠭᠣᠯᠵᠣ ᠂ ᠮᠣᠷᠢᠨ  ᠡᠴᠡ  ᠪᠠᠨ ᠪᠠᠭᠣᠵᠣ ᠂ ᠠᠶᠢᠯ  ᠳᠤ ᠣᠷᠣᠬᠣ ᠦᠶ᠎ᠡ  ᠳᠤ ᠬᠢᠳᠣᠭ᠎ᠠ  ᠪᠠᠨ ᠪᠠᠷᠠᠭᠣᠨ ᠲᠠᠰᠢᠶᠠᠨ  ᠳᠠᠭᠠᠨ ᠤᠨᠵᠢᠭᠣᠯᠳᠠᠭ ᠃ ᠡᠪᠦᠭᠡᠳ ᠪᠣᠯᠣᠨ ᠵᠠᠯᠠᠭᠣᠴᠣᠳ  ᠤᠨ ᠵᠡᠬᠦᠳᠡᠭ ᠬᠡᠳᠡ ᠬᠢᠳᠣᠭ᠎ᠠ  ᠨᠢ ᠥᠪᠡᠷ ᠥᠪᠡᠷ  ᠤᠨ ᠣᠨᠴᠠᠯᠢᠭ  ᠲᠠᠢ ᠪᠠᠶᠢᠳᠠᠭ ᠃ ᠮᠣᠩᠭᠣᠯᠴᠣᠳ ᠬᠡᠳᠡ ᠪᠣᠯᠣᠨ ᠬᠢᠳᠣᠭᠠᠨ  ᠤ ᠣᠭᠣᠰᠣᠷ  ᠤᠨ ᠦᠵᠦᠭᠦᠷ  ᠲᠤ ᠲᠤᠤᠬᠠᠢ ᠲᠡᠭᠦᠵᠢᠯᠡᠨ ᠂ ᠪᠦᠰᠡᠨ  ᠳᠡᠭᠡᠨ ᠬᠠᠪᠴᠢᠭᠣᠯᠳᠠᠭ ᠃

 

 

2

 

 

ᠬᠥᠬᠦᠷ ᠭᠡᠳᠡᠭ  ᠨᠢ ᠬᠠᠮᠠᠷ ᠲᠠᠮᠠᠬᠢᠨ  ᠤ ᠰᠠᠪᠠ ᠵᠢ ᠬᠡᠯᠡᠳᠡᠭ ᠃ ᠬᠥᠭᠦᠷ  ᠢ ᠬᠠᠰ ᠂ ᠮᠠᠨᠤ  ᠵᠡᠷᠭᠡ ᠡᠷᠳᠡᠨᠢ  ᠵᠢᠨ ᠴᠢᠯᠠᠭᠣ ᠂ ᠱᠠᠵᠠᠩ ᠂ ᠮᠣᠳᠣ ᠵᠡᠷᠭᠡ ᠮᠠᠲ᠋ᠸᠷᠢᠶᠠᠯ  ᠢᠶᠡᠷ  ᠲᠣᠭᠣᠷᠢᠭ ᠂ ᠵᠣᠣᠪᠠᠩ ᠂ ᠳᠥᠷᠪᠡᠯᠵᠢᠨ ᠂ ᠲᠤᠭᠤᠷᠠᠯᠵᠢᠨ ᠵᠡᠷᠭᠡ ᠬᠡᠯᠪᠡᠷᠢ  ᠲᠠᠢ ᠬᠢᠳᠡᠭ ᠃ ᠬᠦᠭᠦᠷ ᠬᠢᠬᠦ ᠤᠭᠤᠳᠠ ᠵᠢ ᠳᠠᠯᠢᠩ ᠭᠡᠳᠡᠭ ᠃ ᠮᠣᠩᠭᠣᠯᠴᠣᠳ ᠬᠥᠭᠦᠷ ᠰᠣᠯᠢᠯᠴᠠᠨ ᠮᠡᠨᠳᠦᠴᠢᠯᠡᠳᠡᠭ ᠤᠯᠠᠮᠵᠢᠯᠠᠯ  ᠲᠠᠢ ᠃ ᠠᠬᠠᠮᠠᠳ ᠲᠣᠮᠣᠭᠠᠳᠠᠨ ᠬᠦᠮᠦᠨ  ᠳᠤ ᠬᠥᠬᠦᠷ  ᠤᠨ  ᠢᠶᠡᠨ  ᠲᠠᠭ ( ᠲᠣᠯᠣᠭᠠᠢ )  ᠢ ᠪᠠᠭ᠎ᠠ ᠵᠡᠷᠭᠡ ᠰᠤᠯᠠᠳᠬᠠᠨ ᠪᠠᠷᠢᠳᠠᠭ᠃ ᠬᠥᠬᠦᠷ  ᠢᠶᠡᠨ  ᠲᠤᠯᠭᠠᠨ ᠰᠣᠯᠪᠢᠴᠠᠭᠣᠯᠵᠣ ᠠᠮᠣᠷ ᠡᠷᠢᠳᠡᠭ  ᠃ ᠠᠬᠠᠮᠠᠳ  ᠤᠨ ᠬᠥᠬᠦᠷ  ᠢ  ᠮᠠᠩᠨᠠᠢ  ᠳᠠᠭᠠᠨ ᠡᠷᠭᠦᠨ  ᠠᠳᠢᠰ ᠠᠪᠣᠭᠠᠳ ᠪᠤᠴᠠᠭᠠᠨ ᠪᠠᠷᠢᠳᠠᠭ ᠶᠤᠰᠤᠨ ᠪᠤᠢ ᠃
3 4

 

 

ᠭᠠᠩᠰᠠ ᠪᠣᠯ ᠨᠠᠪᠴᠢᠨ ᠲᠠᠮᠠᠬᠢ ᠳᠠᠳᠠᠬᠣ ᠬᠡᠷᠡᠭᠰᠡᠯ ᠮᠥᠨ ᠃ ᠭᠠᠩᠰᠠ ᠵᠢ ᠵᠠᠷᠢᠮ ᠨᠣᠳᠣᠭ  ᠲᠤ ︽ ᠳ᠋ᠠᠢ ︾ ᠭᠡᠵᠣ ᠨᠡᠷᠡᠯᠡᠳᠡᠭ ᠃ ᠮᠣᠩᠭᠣᠯᠴᠣᠳ ᠮᠡᠨᠳᠦᠴᠢᠯᠡᠬᠦ  ᠳᠡᠭᠡᠨ ᠮᠥᠨ ᠬᠥᠬᠦᠷ ᠰᠣᠯᠢᠯᠴᠠᠬᠣ ᠮᠡᠳᠦ ᠬᠠᠷᠢᠯᠴᠠᠨ ᠲᠠᠮᠠᠬᠢ ᠪᠣᠯᠭᠣᠭᠰᠠᠨ ᠭᠠᠩᠰᠠ  ᠪᠠᠨ ᠰᠣᠯᠢᠯᠴᠠᠳᠠᠭ ᠃ ᠭᠠᠩᠰᠠ ᠬᠢᠳᠡᠭ ᠤᠭᠤᠳᠠ ᠵᠢ ᠲᠠᠮᠠᠬᠢᠨ ᠤᠭᠤᠳᠠ ᠭᠡᠳᠡᠭ ᠃ ᠭᠠᠩᠰᠠ ᠪᠣᠯᠣᠨ ᠲᠠᠮᠠᠬᠢᠨ ᠤᠭᠤᠳᠠ  ᠨᠢ ᠮᠣᠩᠭᠣᠯᠴᠣᠳ  ᠤᠨ ᠬᠡᠷᠡᠭᠴᠡᠭᠡᠨ  ᠤ ᠡᠳ᠋ᠯᠡᠯ  ᠪᠣᠯᠬᠣ  ᠪᠠᠷ ᠪᠠᠷᠠᠬᠣ ᠦᠭᠡᠢ ᠮᠥᠨ ᠴᠦ ᠨᠢᠭᠡᠨ ᠭᠣᠶᠣᠯᠠᠯ  ᠤᠨ ᠡᠳ᠋ᠯᠡᠯ  ᠪᠣᠯᠬᠣ ᠶᠤᠮ ᠃

 

ᠡᠷᠡᠭᠲᠡᠶᠢᠴᠦᠳ  ᠤᠨ ᠵᠠᠰᠠᠯ ᠵᠢᠮᠰᠡᠭ  ᠤᠨ ᠵᠦᠢᠯ  ᠳᠤ ᠪᠠᠰᠠ ᠪᠥᠭᠡᠵᠢ ᠪᠠᠭᠣᠪᠴᠢ ᠭᠡᠵᠣ ᠪᠠᠶᠢᠳᠠᠭ ᠃ ᠠᠷᠪᠠᠨ ᠨᠠᠢᠮᠠ  ᠬᠦᠷᠦᠭᠰᠡᠨ ᠡᠷᠡᠭᠲᠡᠶᠢᠴᠦᠳ  ᠢᠳᠠᠮ ᠬᠣᠷᠣᠭᠣᠨ  ᠳᠠᠭᠠᠨ ᠠᠯᠳᠠ ᠂ ᠮᠥᠩᠭᠦᠨ ᠪᠦᠭᠡᠵᠢ ᠵᠡᠭᠦᠭᠦ ᠪᠥᠭᠡᠳ ᠵᠠᠷᠢᠮ ᠨᠣᠳᠣᠭ  ᠲᠤ ᠡᠷᠡᠬᠡᠢ   ᠬᠣᠷᠣᠭᠣᠨ  ᠳᠠᠭᠠᠨ ᠵᠡᠭᠦᠳᠡᠭ ᠃ ᠡᠷᠡᠭᠡᠢ  ᠬᠣᠷᠣᠭᠣᠨ  ᠤ ᠪᠦᠭᠡᠵᠢ ᠵᠢ ᠡᠷᠡᠬᠡᠶᠢᠪᠴᠢ  ᠭᠡᠳᠡᠭ ᠃ ᠪᠦᠭᠡᠵᠢ ᠵᠢ ᠵᠠᠷᠢᠮ ᠨᠣᠳᠣᠭ  ᠲᠤ ᠪᠡᠭᠡᠵᠢ ᠂ ᠪᠥᠯᠵᠢᠭ ᠂ ᠰᠠᠭᠠᠯᠳᠠ ᠭᠡᠵᠣ ᠨᠡᠷᠡᠯᠡᠳᠡᠭ ᠃ ᠡᠭᠦᠨ   ᠡᠴᠡ ᠭᠠᠳᠠᠨ᠎ᠠ ᠮᠣᠩᠭᠣᠯ ᠡᠷᠡᠭᠲᠡᠶᠢᠴᠦᠳ  ᠬᠤᠶᠠᠩ  ᠳᠤ ᠰᠠᠶᠢᠨ ᠭᠡᠵᠣ ᠮᠦᠩᠬᠦ ᠪᠣᠶᠤ ᠵᠡᠰ ᠪᠠᠭᠣᠪᠴᠢ ᠵᠢ ᠥᠷᠥᠭᠡᠰᠦᠨ ᠭᠠᠷ  ᠲᠠᠭᠠᠨ ᠲᠡᠭᠡᠭᠰᠢ ᠴᠢᠩᠭᠠᠯᠠᠨ ᠵᠡᠭᠦᠳᠡᠭ ᠪᠠᠶᠢᠨ᠎ᠠ ᠃
5

ᠬᠦᠬᠦᠷ ᠰᠤᠯᠢᠯᠴᠠᠵᠤ ᠪᠠᠶᠢᠭ᠎ᠠ  ᠨᠢ

 

ᠳᠡᠭᠡᠷ᠎ᠡ ᠳᠣᠷᠠᠳᠣᠭᠰᠠᠨ ᠵᠠᠰᠠᠯ ᠵᠢᠮᠰᠡᠭ  ᠤᠨ ᠵᠦᠢᠯ  ᠦᠳ   ᠡᠴᠡ ᠭᠠᠳᠠᠨ᠎ᠠ ᠮᠣᠩᠭᠣᠯ ᠡᠷᠡᠭᠲᠡᠶᠢᠴᠦᠳ ᠡᠷᠲᠡᠨ   ᠳᠡᠭᠡᠨ ᠮᠥᠩᠭᠦᠨ ᠠᠶᠠᠭ᠎ᠠ  ᠪᠠᠨ ᠠᠶᠠᠭᠠᠨ ᠣᠭᠤᠳᠠᠨ  ᠳᠤ ᠬᠢᠵᠣ ᠡᠪᠦᠷᠳᠦᠯᠡᠵᠣ ᠶᠠᠪᠤᠳᠠᠭ ᠪᠠᠶᠢᠵᠠᠢ ᠃ ᠠᠶᠠᠭ᠎ᠠ  ᠪᠠᠨ ᠠᠪᠴᠤ ᠶᠠᠪᠣᠳᠠᠭ ᠪᠠᠶᠢᠭᠰᠠᠨ  ᠨᠢ ᠮᠣᠩᠭᠣᠯᠴᠣᠳ  ᠤᠨ ᠠᠷᠢᠭᠣᠨ ᠴᠡᠪᠡᠷ  ᠢ ᠡᠷᠬᠢᠮᠯᠡᠵᠦ  ᠪᠠᠶᠢᠭᠰᠠᠨ ᠰᠠᠶᠢᠬᠠᠨ ᠵᠠᠩᠰᠢᠯ ᠶᠤᠮ ᠃

ᠰᠢᠭᠦᠮᠵᠢ