• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠩᠭᠣᠯ ᠦᠨᠳᠦᠰᠦᠳᠡᠨ  ᠤ ᠬᠤᠪᠴᠠᠰᠤ ᠵᠠᠰᠠᠯ  ᠤᠨ ᠲᠤᠬᠠᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠮᠣᠩᠭᠣᠯ ᠦᠨᠳᠦᠰᠦᠳᠡᠨ  ᠤ ᠬᠤᠪᠴᠠᠰᠤ ᠵᠠᠰᠠᠯ ᠪᠣᠯ ᠮᠣᠩᠭᠣᠯ ᠦᠨᠳᠦᠰᠦᠳᠡᠨ  ᠤ ᠡᠳ᠋   ᠤᠨ ᠰᠣᠶᠣᠯ  ᠤᠨ ᠴᠢᠬᠣᠯᠠ ᠪᠦᠷᠢᠯᠳᠦᠭᠦᠨ ᠬᠡᠰᠡᠭ ᠮᠥᠨ ᠃ ᠮᠣᠩᠭᠣᠯ ᠦᠨᠳᠦᠰᠦᠳᠡᠨ  ᠤ ᠬᠤᠪᠴᠠᠰᠤ ᠵᠠᠰᠠᠯ  ᠨᠢ ᠠᠳᠠᠯᠢ ᠪᠤᠰᠤ ᠲᠡᠦᠭᠡᠨ ᠴᠠᠭ ᠦᠶ᠎ᠡ  ᠳᠤ ᠂ ᠠᠳᠠᠯᠢ ᠪᠤᠰᠤ ᠬᠥᠭᠵᠢᠯᠳᠡ ᠵᠢᠨ ᠱᠠᠳᠤ ᠦᠶ᠎ᠡ ᠵᠢ ᠥᠩᠭᠡᠷᠡᠭᠦᠯᠵᠣ ᠂ ᠳᠡᠯᠡᠭᠡᠢ ᠵᠢᠨ ᠪᠤᠰᠣᠳ ᠦᠨᠳᠦᠰᠦᠳᠡᠨ ᠤᠭᠰᠠᠭᠠᠳᠠᠨ  ᠡᠴᠡ ᠢᠯᠭᠠᠭᠳᠠᠬᠣ ᠥᠪᠡᠷᠮᠢᠴᠡ ᠣᠨᠴᠠᠯᠢᠭ  ᠢ ᠪᠦᠷᠢᠳᠦᠭᠦᠯᠦᠭᠰᠡᠨ ᠪᠢᠯᠡ ᠃ ᠣᠳᠣ ᠴᠠᠭ  ᠲᠤ ᠳᠠᠶᠠᠭᠠᠷᠴᠢᠯᠠᠯ  ᠤᠨ ᠨᠥᠯᠥᠭᠡᠨ  ᠡᠴᠡ ᠰᠢᠯᠳᠠᠭᠠᠯᠠᠵᠣ ᠂ ᠮᠣᠩᠭᠣᠯᠴᠣᠳ ᠡᠳᠦᠷ  ᠲᠣᠳᠣᠮ  ᠤᠨ ᠠᠮᠢᠳᠣᠷᠠᠯ ᠳᠣᠮᠳᠠ ᠪᠠᠨ ᠦᠨᠳᠦᠰᠦᠳᠡᠨ  ᠤ ᠪᠠᠨ ᠬᠣᠪᠴᠠᠰᠤ ᠵᠠᠰᠠᠯ  ᠢ ᠡᠮᠦᠰᠴᠦ  ᠭᠣᠶᠣᠯᠠᠬᠣ  ᠨᠢ ᠴᠥᠭᠡᠷᠡᠵᠣ ᠪᠠᠶᠢᠭ᠎ᠠ ᠪᠣᠯᠪᠠᠴᠤ ᠮᠣᠩᠭᠣᠯ ᠦᠨᠳᠦᠰᠦᠳᠡᠨ  ᠤ ᠰᠣᠶᠣᠯ  ᠤᠨ ᠥᠪᠡᠷᠮᠢᠴᠡ ᠰᠣᠳᠣᠨ ᠪᠦᠷᠢᠯᠳᠦᠭᠦᠨ ᠪᠣᠯᠣᠭᠰᠠᠨ ᠬᠣᠪᠴᠠᠰᠤ ᠵᠠᠰᠠᠯ  ᠤᠨ ᠰᠣᠶᠣᠯ  ᠢ ᠵᠠᠯᠭᠠᠮᠵᠢ ᠬᠣᠶᠢᠴᠢ ᠦᠶ᠎ᠡ ᠵᠢᠨ  ᠬᠢᠨ  ᠳᠤ ᠥᠪᠯᠡᠨ ᠤᠯᠠᠮᠵᠢᠯᠠᠭᠣᠯᠵᠣ ᠂ ᠤᠯᠠᠮ ᠴᠢᠨᠠᠭᠰᠢᠳᠠ ᠬᠥᠭᠵᠢᠭᠦᠯᠬᠦ  ᠨᠢ ᠵᠦᠢᠳᠡᠢ ᠶᠤᠮ ᠃

 

ᠮᠣᠩᠭᠣᠯ ᠦᠨᠳᠦᠰᠦᠳᠡᠨ  ᠤ ᠤᠯᠠᠮᠵᠢᠯᠠᠯᠳᠣ ᠬᠤᠪᠴᠠᠰᠤ ᠵᠠᠰᠠᠯ  ᠢ ᠶᠡᠷᠦᠳᠡ ᠵᠢᠨ ᠠᠮᠢᠳᠣᠷᠠᠯ  ᠤᠨ ᠂ ᠪᠠᠶᠠᠷ ᠶᠣᠰᠣᠯᠠᠯ  ᠤᠨ ᠂ ᠴᠡᠷᠢᠭ ᠡᠷ᠎ᠡ ᠵᠢᠨ ᠂ ᠡᠷ᠎ᠡ ᠵᠢᠨ ᠭᠤᠷᠪᠠᠨ ᠨᠠᠭᠠᠳᠣᠮ  ᠤᠨ ᠂ ᠣᠷᠳᠣᠨ  ᠤ ᠂ ᠱᠠᠰᠢᠨ  ᠤ ᠣᠨᠴᠠᠯᠢᠭᠳᠣ ᠭᠡᠬᠦ ᠮᠡᠳᠦᠴᠢᠯᠡᠨ ᠣᠯᠠᠨ ᠲᠥᠷᠥᠯ  ᠳᠤ ᠠᠩᠬᠢᠯᠠᠵᠣ ᠪᠣᠯᠣᠨ᠎ᠠ ᠃ ᠮᠥᠨ ᠡᠮᠦᠰᠴᠦ  ᠪᠠᠶᠢᠭ᠎ᠠ ᠬᠥᠮᠦᠨ  ᠤ ᠪᠠᠶᠢᠳᠠᠯ  ᠢ ᠦᠨᠳᠦᠰᠦᠯᠡᠵᠣ ᠂ ᠡᠷᠡᠭᠲᠡᠶᠢᠴᠦᠳ  ᠂ ᠡᠮᠡᠭᠲᠡᠶᠢᠴᠦᠳ  ᠂ ᠬᠡᠦᠭᠡᠳ  ᠤᠨ ᠬᠡᠭᠦ ᠮᠡᠳᠦ ᠢᠯᠭᠠᠵᠣ ᠪᠣᠯᠳᠠᠭ ᠃ ᠡᠭᠦᠨ   ᠡᠴᠡ ᠭᠠᠳᠠᠨ᠎ᠠ ᠂ ᠬᠢᠭᠰᠡᠨ ᠡᠳ᠋  ᠮᠠᠲ᠋ᠸᠷᠢᠶᠠᠯ  ᠢᠶᠡᠷ ᠨᠢ ᠨᠡᠬᠡᠢ ᠳᠡᠪᠡᠯ ᠂ ᠲᠣᠷᠭᠠᠨ ᠳᠡᠪᠡᠯ ᠂ ᠪᠦᠰ ᠲᠡᠪᠡᠯ ᠂ ᠰᠤᠷ ᠪᠦᠰᠡ ᠂ ᠲᠣᠷᠳᠣᠩ ᠪᠦᠰᠡ ᠂ ᠪᠤᠯᠢᠭᠠᠷᠢ ᠭᠤᠳᠣᠯ ᠂ ᠪᠦᠰ ᠭᠤᠳᠣᠯ ᠭᠡᠬᠦ ᠮᠡᠳᠦ ᠣᠯᠠᠨ ᠲᠥᠷᠥᠯ  ᠢᠶᠡᠷ  ᠨᠡᠷᠡᠯᠡᠳᠡᠭ ᠃

1 2 3 4

 

 

ᠮᠣᠩᠭᠣᠯ ᠦᠨᠳᠦᠰᠦᠳᠡᠨ  ᠤ ᠬᠣᠪᠴᠠᠰᠤ ᠵᠠᠰᠠᠯ  ᠨᠢ ᠶᠡᠷᠥᠩᠬᠡᠢ ᠳ᠋ᠡᠭᠡᠨ ᠮᠠᠯᠠᠭᠠᠢ ᠂ ᠳᠡᠪᠡᠯ ᠂ ᠲᠡᠷᠯᠢᠭ ᠂ ᠪᠦᠰᠡ ᠂ ᠭᠣᠳᠣᠯ ᠂ ᠬᠥᠷᠮ᠎ᠡ ᠂ ᠬᠠᠨᠳᠠᠭᠠᠰᠤ ᠴᠠᠮᠴᠠ ᠂ ᠥᠮᠦᠳᠦ ᠲᠤᠤᠬᠣᠣ ᠂ ᠣᠶᠢᠮᠣᠰᠣ ᠂ ᠵᠠᠰᠠᠯ ᠵᠢᠮᠰᠡᠭ ᠵᠡᠷᠭᠡ ᠪᠠᠷ ᠪᠦᠷᠢᠯᠳᠦᠳᠡᠭ ᠃ ᠡᠭᠦᠨ   ᠳᠤ ᠨᠣᠳᠣᠭ ᠨᠣᠳᠣᠭ  ᠤᠨ ᠬᠣᠪᠴᠠᠰᠤ ᠵᠠᠰᠠᠯ  ᠨᠢ ᠶᠠᠩᠵᠣ ᠬᠡᠯᠪᠡᠷᠢ ᠪᠠᠷ  ᠢᠶᠡᠨ  ᠢᠯᠡᠷᠬᠡᠢ ᠵᠥᠷᠢᠶ᠎ᠡ ᠲ᠋ᠠᠢ ᠪᠠᠶᠢᠳᠠᠭ ᠃ ᠲᠡᠶᠢᠮᠦ ᠪᠥᠭᠡᠳ ᠡᠷᠲᠡ  ᠳᠡᠭᠡᠷ᠎ᠡ ᠦᠶ᠎ᠡ  ᠳᠤ ᠮᠣᠩᠭᠣᠯ ᠦᠨᠳᠦᠰᠦᠳᠡᠨ  ᠤ ᠬᠤᠪᠴᠠᠰᠤ ᠵᠠᠰᠠᠯ  ᠨᠢ ᠵᠡᠷᠭᠡ ᠳᠡᠰ ᠂ ᠨᠠᠰᠤ ᠵᠢᠯ ᠂ ᠠᠶᠢᠮᠠᠭ ᠶᠠᠰᠤᠳᠠᠨ ᠂ ᠴᠠᠭ ᠤᠯᠠᠷᠢᠯ ᠭᠡᠬᠦ ᠮᠡᠳᠦ ᠣᠯᠠᠨ ᠲᠠᠯ᠎ᠠ ᠵᠢᠨ ᠢᠯᠭᠠᠭ᠎ᠠ ᠵᠢ ᠬᠠᠷᠠᠭᠣᠯᠬᠣ ᠰᠢᠨᠵᠢ ᠲ᠋ᠡᠮᠳᠡᠭ ᠪᠣᠯᠵᠣ ᠪᠠᠶᠢᠵᠠᠢ ᠃ ᠮᠣᠩᠭᠣᠯ ᠬᠤᠪᠴᠠᠰᠤ ᠵᠠᠰᠠᠯ  ᠢ ᠬᠢᠵᠣ ᠪᠦᠳᠦᠭᠡᠭᠦ  ᠳᠤ ᠤᠷᠠᠨ ᠨᠠᠷᠢᠨ ᠦᠢᠯᠡ ᠣᠶᠣᠳᠠᠯ ᠂ ᠤᠶᠢᠭ᠎ᠠ ᠦᠭᠡᠢ ᠶᠡᠭᠡ ᠬᠥᠴᠦ ᠬᠥᠳᠡᠯᠮᠥᠷᠢ ᠵᠢ ᠱᠠᠭᠠᠷᠳᠠᠳᠠᠭ ᠶᠤᠮ ᠃

ᠰᠢᠭᠦᠮᠵᠢ