• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠳᠡᠪᠡᠯ ᠲᠡᠷᠯᠢᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

 

ᠳᠡᠪᠡᠯ ᠲᠡᠷᠯᠢᠭ ᠪᠣᠯ ᠮᠣᠩᠭᠣᠯᠴᠣᠳ  ᠤᠨ ᠬᠤᠪᠴᠠᠰᠤ ᠵᠠᠰᠠᠯ  ᠤᠨ ᠳᠣᠳᠣᠷ᠎ᠠ ᠴᠢᠬᠤᠯᠠ ᠪᠠᠶᠢᠷᠢ ᠵᠢ ᠡᠵᠡᠯᠡᠬᠦ ᠡᠮᠦᠰᠬᠡᠯ  ᠪᠣᠯᠬᠣ ᠶᠤᠮ ᠃ ᠮᠣᠩᠭᠣᠯᠴᠣᠳ ᠥᠪᠡᠷ  ᠤᠨ ᠠᠮᠢᠳᠣᠷᠠᠵᠣ ᠪᠠᠶᠢᠭ᠎ᠠ ᠪᠠᠶᠢᠭᠠᠯᠢ ᠣᠷᠴᠢᠨ ᠪᠣᠯᠣᠨ ᠮᠠᠯᠵᠢᠬᠣ ᠠᠮᠢᠳᠣᠷᠠᠯ  ᠳᠠᠭᠠᠨ ᠵᠣᠬᠢᠴᠠᠭᠣᠯᠵᠣ ᠳᠡᠪᠡᠯ ᠲᠡᠷᠯᠢᠭ  ᠢ ᠶᠡᠷᠥ  ᠨᠢ ᠠᠭᠣᠵᠢᠮ ᠡᠯᠪᠡᠭ  ᠬᠢᠳᠡᠭ ᠃ ᠡᠭᠦᠨ   ᠳᠤ ᠡᠷᠡᠭᠲᠡᠶᠢᠴᠦᠳ   ᠤᠨ ᠳᠡᠪᠡᠯ ᠡᠮᠡᠭᠲᠡᠶᠢᠴᠦᠳ   ᠤᠨ ᠬᠢ ᠵᠢ ᠪᠣᠳᠣᠪᠠᠯ ᠢᠯᠡᠬᠦᠦ ᠠᠭᠣᠵᠢᠮ ᠪᠠᠶᠢᠳᠠᠭ ᠣᠨᠴᠠᠯᠢᠭ  ᠲᠠᠢ ᠃ ᠮᠣᠩᠭᠣᠯ ᠳᠡᠪᠡᠯ  ᠳᠤ ᠡᠷᠡᠭᠲᠡᠢ  ᠂ ᠡᠮᠡᠭᠲᠡᠢ  ᠂ ᠬᠥᠭᠰᠢᠨ ᠂ ᠵᠠᠯᠠᠭᠣ ᠂ ᠬᠡᠦᠭᠡᠳ  ᠤᠨ ᠭᠡᠵᠣ ᠢᠯᠭᠠᠭ᠎ᠠ  ᠲᠠᠢ ᠪᠠᠷ ᠪᠠᠷᠠᠬᠣ ᠦᠭᠡᠢ ᠠᠵᠢᠯ ᠲᠥᠷᠥᠯ ᠂ ᠪᠠᠶᠢᠷᠢ ᠰᠠᠭᠣᠷᠢ ᠵᠢᠨ ᠢᠯᠭᠠᠯ ᠴᠤ ᠪᠤᠢ ᠃ ᠮᠣᠩᠭᠣᠯᠴᠣᠳ ᠳᠡᠪᠡᠯ ᠬᠤᠪᠴᠠᠰᠤ ᠵᠢ ᠥᠭᠡᠳᠡᠯᠡᠨ ᠬᠥᠭᠵᠢᠭᠦ ᠵᠢᠨ ᠪᠡᠯᠭᠡᠳᠡᠯ ᠪᠣᠯᠭᠠᠨ ᠦᠵᠡᠳᠡᠭ ᠃ ᠢᠯᠠᠩᠭᠣᠶ᠎ᠠ ᠴᠠᠭᠠᠨ ᠥᠩᠭᠡ ᠵᠢᠨ ᠳᠡᠪᠡᠯ  ᠢ ᠬᠠᠮᠣᠭ  ᠤᠨ ᠶᠡᠭᠡ ᠥᠯᠵᠠᠢ ᠪᠡᠯᠭᠡ  ᠲᠠᠢ ᠬᠡᠮᠡᠨ ᠦᠵᠡᠵᠣ ᠂ ᠬᠠᠮᠣᠭ  ᠤᠨ ᠬᠥᠨᠳᠥᠳᠦ ᠲᠣᠳᠣᠨᠣ ᠬᠥᠮᠦᠰ  ᠲᠤ ᠪᠡᠯᠡᠭ ᠪᠣᠯᠭᠠᠨ ᠪᠠᠷᠢᠳᠠᠭ ᠶᠤᠮ ᠃

 

1

 

ᠮᠣᠩᠭᠣᠯ ᠳᠡᠪᠡᠯ  ᠤᠨ ᠪᠥᠳᠦᠴᠡ ᠄
2

 

 

ᠮᠣᠩᠭᠣᠯ ᠳᠡᠪᠡᠯ ᠲᠡᠷᠯᠢᠭ  ᠨᠢ ᠵᠠᠬ᠎ᠠ ( ᠵᠠᠭᠠᠮ᠎ᠠ ) ᠂ ᠡᠮᠦᠨ᠎ᠡ ᠡᠨᠭᠭᠡᠷ  ᠂ ᠲᠣᠳᠣᠭᠠᠳᠣ ᠡᠨᠭᠭᠡᠷ  ᠂ ᠨᠢᠷᠣᠭᠣᠨ ᠠᠷᠤ ᠂ ᠬᠣᠶᠠᠷ ᠬᠠᠨᠴᠣᠢ ᠂ ᠤᠷᠢᠳᠣ ( ᠡᠮᠦᠨ᠎ᠡ  ) ᠬᠣᠷᠮᠣᠢ ᠂ ᠠᠷᠣ ᠬᠣᠷᠮᠣᠢ ᠂ ᠲᠣᠳᠣᠭᠠᠳᠣ ᠬᠣᠷᠮᠣᠢ ᠵᠡᠷᠭᠡ ᠪᠠᠷ ᠪᠦᠷᠢᠯᠳᠦᠳᠡᠭ ᠃ ᠵᠠᠭᠠᠮ᠎ᠠ ᠵᠢᠨ ᠲᠣᠪᠴᠢ  ᠡᠴᠡ ᠡᠨᠭᠭᠡᠷ  ᠬᠦᠷᠳᠡᠯᠡᠬᠢ ᠬᠡᠰᠡᠭ  ᠢ ᠠᠮᠢᠰᠬᠣᠯ ( ᠵᠠᠷᠢᠮ ᠨᠣᠳᠣᠭ  ᠲᠤ ᠲᠣᠭᠣᠯ ᠭᠡᠳᠡᠭ ) ᠭᠡᠳᠡᠭ ᠃ ᠠᠮᠢᠰᠬᠣᠯ  ᠡᠴᠡ ᠡᠨᠭᠭᠡᠷ   ᠤᠨ ᠲᠣᠪᠴᠢ ᠬᠦᠷᠳᠡᠯᠡᠬᠢ ᠬᠡᠰᠡᠭ ᠡᠨᠭᠭᠡᠷ   ᠤᠨ ᠲᠦᠷᠢᠯᠭᠡ ᠭᠡᠭᠦ ᠪᠤᠶᠤ ᠲᠣᠭᠣᠯ ᠡᠨᠭᠭᠡᠷ  ( ᠰᠦᠩᠴᠢ ᠡᠨᠭᠭᠡᠷ  ) ᠭᠡᠳᠡᠭ ᠃ ᠡᠨᠭᠭᠡᠷ   ᠤᠨ ᠲᠣᠪᠴᠢ  ᠡᠴᠡ ᠰᠣᠭᠣᠨ  ᠤ ᠲᠣᠪᠴᠢ ᠬᠦᠷᠳᠡᠯᠡᠬᠢ ᠬᠡᠰᠡᠭ  ᠢ ᠡᠪᠦᠷ ᠡᠨᠭᠭᠡᠷ  ( ᠶᠡᠭᠡ ᠡᠨᠭᠭᠡᠷ  ᠂ ᠮᠠᠯᠳᠠᠭᠣᠷ  ᠡᠨᠭᠭᠡᠷ ) ᠭᠡᠨ᠎ᠡ ᠃ ᠰᠣᠭᠣᠨ  ᠤ ᠲᠣᠪᠴᠢ  ᠡᠴᠡ ᠬᠣᠷᠮᠣᠢ ᠵᠢᠨ ᠦᠵᠦᠭᠦᠷ ᠬᠦᠷᠳᠡᠯᠡᠬᠢ ᠬᠡᠰᠡᠭ  ᠢ ᠰᠣᠮᠣᠨ  ᠡᠨᠭᠭᠡᠷ        ( ᠰᠣᠮᠣᠨ ᠨᠥᠮᠥᠷᠭᠡ ) ᠭᠡᠵᠣ ᠨᠡᠷᠡᠯᠡᠨ᠎ᠡ ᠃ ᠮᠣᠩᠭᠣᠯ ᠳᠡᠪᠡᠯ  ᠤᠨ ᠬᠣᠶᠠᠷ ᠳᠠᠰᠢᠶ᠎ᠠ  ᠡᠴᠡ ᠲ᠋ᠣᠷᠣᠭᠰᠢ ᠬᠣᠷᠮᠣᠢ ᠬᠦᠷᠳᠡᠯᠡᠬᠢ ᠰᠠᠯᠣᠩᠬᠢ ᠬᠡᠰᠡᠭ  ᠢ ᠣᠨᠣᠭᠣ ( ᠵᠠᠶᠢᠴᠠ ᠂ ᠲᠠᠰᠢᠶᠠᠪᠴᠢ ) ᠭᠡᠵᠣ ᠨᠡᠷᠡᠯᠡᠨ᠎ᠡ ᠃ ᠣᠨᠣᠭᠣ  ᠶᠢᠨ ᠳᠡᠭᠡᠳᠦ ᠲᠠᠯ᠎ᠠ  ᠳᠤ ᠪᠡᠬᠢᠯᠡᠭᠰᠡᠨ ᠣᠶᠣᠳᠠᠯ  ᠢ ᠬᠢᠰᠠ ᠭᠡᠨ᠎ᠡ ᠃ ᠮᠣᠩᠭᠣᠯ ᠳᠡᠪᠡᠯ  ᠳᠤ ᠣᠨᠣᠭᠣ  ᠲᠠᠢ ᠂ ᠣᠨᠣᠭᠣ ᠦᠭᠡᠢ ᠭᠡᠬᠦ ᠬᠣᠶᠠᠷ ᠵᠦᠢᠯ ᠪᠤᠢ ᠃ ᠮᠣᠩᠭᠣᠯ ᠳᠡᠪᠡᠯ  ᠤᠨ ᠵᠠᠬ᠎ᠠ ᠂ ᠡᠨᠭᠭᠡᠷ ᠂ ᠰᠣᠭᠣ ᠂ ᠲᠠᠰᠢᠶᠠᠨ  ᠳᠤ ᠴᠥᠮ ᠲᠣᠪᠴᠢ ᠰᠢᠯᠪᠢ ᠬᠠᠳᠠᠳᠠᠭ ᠃ ᠵᠠᠷᠢᠮ ᠨᠣᠳᠣᠭ  ᠲᠤ ᠳᠡᠪᠡᠯ  ᠤᠨ ᠬᠠᠨᠴᠣᠢ  ᠲᠠᠢ ᠵᠠᠯᠭᠠᠵᠣ ᠂ ᠨᠢᠳᠣᠷᠭ᠎ᠠ ᠬᠢᠳᠡᠭ ᠃ ᠡᠭᠦᠨ   ᠢ ᠲᠣᠭᠣᠷᠠᠢ ᠂ ᠲᠣᠷᠣᠣ ᠭᠡᠵᠣ ᠨᠡᠷᠡᠯᠡᠬᠦ ᠭᠠᠵᠠᠷ ᠪᠤᠢ ᠃ ᠨᠢᠳᠣᠷᠭ᠎ᠠ ᠵᠢᠨ ᠰᠢᠭᠣᠭᠰᠠᠨ ᠲᠠᠯ᠎ᠠ ᠵᠢ ᠠᠯᠠᠭ᠎ᠠ ᠭᠡᠵᠣ ᠂ ᠳᠡᠭᠡᠷ᠎ᠡ ᠲᠠᠯ᠎ᠠ ᠵᠢ  ᠨᠢ ᠣᠮᠣᠭ ᠭᠡᠵᠣ ᠂ ᠬᠥᠪᠡᠭᠡᠯᠡᠭᠰᠡᠨ ᠬᠡᠰᠡᠭ  ᠢ  ᠨᠢ ᠬᠠᠴᠢ ᠬᠡᠮᠡᠨ ᠨᠡᠷᠡᠯᠡᠨ᠎ᠡ ᠃ ᠨᠢᠳᠣᠷᠭ᠎ᠠ ᠵᠢ ᠰᠡᠬᠦᠭᠦ ᠂ ᠪᠠᠭᠣᠯᠭᠠᠬᠣ ᠂ ᠬᠣᠮᠣᠶᠢᠯᠭᠠᠬᠣ ᠭᠡᠵᠣ ᠭᠤᠷᠪᠠᠨ ᠬᠣᠪᠢᠷᠠᠯ  ᠢᠶᠡᠷ  ᠬᠡᠷᠡᠭᠯᠡᠳᠡᠭ ᠃

 

ᠮᠣᠩᠭᠣᠯ ᠳᠡᠪᠡᠯ  ᠤᠨ ᠲᠥᠷᠥᠯ ᠵᠦᠢᠯ ᠄

ᠳᠡᠪᠡᠯ  ᠢ ᠡᠳ᠋  ᠮᠠᠲ᠋ᠸᠷᠢᠶᠠᠯ  ᠤᠨ ᠲᠠᠯ᠎ᠠ ᠪᠠᠷ ᠠᠷᠠᠰᠣᠨ ᠳᠡᠪᠡᠯ ᠂ ᠪᠥᠰ ᠳᠡᠪᠡᠯ ᠭᠡᠵᠣ ᠬᠣᠶᠠᠷ ᠶᠡᠭᠡ ᠬᠡᠰᠡᠭ  ᠲᠤ ᠬᠣᠪᠢᠶᠠᠳᠠᠭ ᠃ ᠠᠷᠠᠰᠤᠨ ᠳᠡᠪᠡᠯ  ᠢ ᠨᠡᠬᠡᠢ ᠳᠡᠪᠡᠯ ᠂ ᠣᠳᠣᠮᠠᠯ ( ᠠᠷᠠᠰᠤᠨ ) ᠳᠡᠪᠡᠯ ᠂ ᠦᠵᠦᠭᠦᠷᠰᠡᠭ ᠳᠡᠪᠡᠯ ᠂ ᠰᠡᠩᠰᠡᠨ ᠳᠡᠪᠡᠯ ᠂ ᠬᠤᠷᠠᠭᠠᠨ ᠳᠡᠪᠡᠯ ᠂ ᠬᠣᠨᠢᠨ ᠳᠡᠪᠡᠯ ᠂ ᠢᠮᠠᠭᠠᠨ ᠳᠡᠪᠡᠯ ᠂ ᠢᠰᠢᠭᠡᠨ ᠳᠡᠪᠡᠯ ᠂ ᠦᠨᠡᠭᠡᠨ ᠳᠡᠪᠡᠯ ᠂ ᠬᠠᠯᠢᠭᠣᠨ ᠳᠡᠪᠡᠯ ᠂ ᠪᠤᠯᠠᠭᠠᠨ ᠳᠡᠪᠡᠯ ᠂ ᠴᠢᠨ᠋ᠸ᠎ᠠ ᠳᠡᠪᠡᠯ ᠭᠡᠬᠦ ᠮᠡᠳᠦ ᠪᠠᠷ ᠢᠯᠭᠠᠨ᠎ᠠ ᠃

 

3

 

ᠪᠦᠰ ᠳᠡᠪᠡᠯ  ᠢ ᠶᠡᠷᠦ ᠳ᠋ᠡᠭᠡᠨ ᠲᠡᠷᠯᠢᠭ ᠭᠡᠵᠣ ᠨᠡᠷᠡᠯᠡᠳᠡᠭ ᠃ ᠲᠡᠷᠯᠢᠭ  ᠤᠨ ᠲᠣᠳᠣᠷ᠎ᠠ ᠪᠠᠰᠠ ᠬᠥᠪᠥᠩᠲᠡᠢ ᠲᠡᠷᠯᠢᠭ ᠂ ᠲᠠᠩ ᠲᠡᠷᠯᠢᠭ ᠂ ᠳᠠᠪᠬᠣᠷ ᠲᠡᠷᠯᠢᠭ ᠭᠡᠵᠣ ᠬᠣᠪᠢᠶᠠᠳᠠᠭ ᠃ ᠮᠥᠨ ᠲᠡᠷᠯᠢᠭ  ᠤᠨ ᠪᠥᠳᠦᠭᠰᠡᠨ ᠡᠳ᠋  ᠮᠠᠲ᠋ᠸᠷᠢᠶᠠᠯ  ᠢ  ᠨᠢ ᠦᠨᠳᠦᠰᠦᠯᠡᠨ ᠬᠣᠷᠭᠣᠢ ᠲᠡᠷᠯᠢᠭ ᠂ ᠴᠢᠰᠴᠠᠤ ᠲᠡᠷᠯᠢᠭ ᠂ ᠲᠣᠷᠭᠠᠨ ᠲᠡᠷᠯᠢᠭ ᠂ ᠪᠦᠰ ᠲᠡᠷᠯᠢᠭ ᠂ ᠲᠠᠯᠢᠩᠪᠣ ᠲᠡᠷᠯᠢᠭ ᠂ ᠥᠭᠡᠳᠡᠩ ᠲᠡᠷᠯᠢᠭ ᠂ ᠮᠠᠩᠨᠣᠭ ᠲᠡᠷᠯᠢᠭ ᠭᠡᠬᠦ ᠮᠡᠳᠦ ᠪᠠᠷ ᠬᠤᠪᠢᠶᠠᠳᠠᠭ ᠃ ᠡᠭᠦᠨ   ᠡᠴᠡ ᠭᠠᠳᠠᠨ᠎ᠠ ᠂ ᠪᠦᠰ ᠪᠤᠶᠤ ᠲᠣᠷᠭ᠎ᠠ ᠪᠠᠷ ᠭᠠᠳᠠᠷᠯᠠᠭᠰᠠᠨ ᠠᠷᠠᠰᠤᠨ ᠳᠡᠪᠡᠯ  ᠢ ᠵᠣᠪᠴᠠᠭ᠎ᠠ ᠭᠡᠵᠣ ᠨᠡᠷᠡᠯᠡᠨ᠎ᠡ ᠃ ᠬᠤᠷᠠᠭ᠎ᠠ ᠂ ᠢᠰᠢᠭᠡ ᠂ ᠦᠨᠡᠭᠡ ᠂ ᠬᠠᠯᠢᠭᠣ ᠂ ᠪᠤᠯᠠᠭ᠎ᠠ ᠮᠡᠳᠦ ᠵᠢᠨ ᠠᠷᠠᠰᠤ ᠪᠠᠷ ᠬᠢᠭᠰᠡᠨ ᠳᠡᠪᠡᠯ  ᠢ ᠴᠥᠮ ᠲᠣᠷᠭ᠎ᠠ ᠪᠤᠶᠤ ᠪᠥᠰ  ᠢᠶᠡᠷ  ᠭᠠᠳᠠᠷᠯᠠᠵᠣ ᠡᠮᠦᠰᠦᠨ᠎ᠡ  ᠃

 

ᠮᠣᠩᠭᠣᠯ ᠳᠡᠪᠡᠯ ᠪᠠᠰᠠ ᠬᠡᠯᠪᠡᠷᠢ ᠶᠠᠩᠵᠣ ᠵᠢᠨ ᠲᠠᠯ᠎ᠠ ᠪᠠᠷ ᠡᠷᠡᠭᠲᠡᠢ  ᠵᠢᠨ ᠳᠡᠪᠡᠯ ᠂ ᠡᠮᠡᠭᠲᠡᠢ  ᠵᠢᠨ ᠳᠡᠪᠡᠯ ᠂ ᠪᠡᠷᠢ ᠵᠢᠨ ᠳᠡᠪᠡᠯ ᠂ ᠬᠡᠦᠭᠡᠳ  ᠤᠨ ᠳᠡᠪᠡᠯ ᠭᠡᠬᠦ ᠮᠡᠳᠦ ᠵᠢᠨ ᠨᠠᠷᠢᠨ ᠢᠯᠭᠠᠭ᠎ᠠ  ᠲᠠᠢ ᠪᠠᠶᠢᠳᠠᠭ ᠃ ᠡᠭᠦᠨ   ᠳᠤ ᠨᠢᠯᠬ᠎ᠠ ᠬᠡᠦᠭᠡᠳ  ᠤᠨ ᠳᠡᠪᠡᠯ ( ᠲᠡᠷᠯᠢᠭ )  ᠢ ᠪᠠᠷᠢᠨᠳᠠᠭ ᠭᠡᠵᠣ ᠨᠡᠷᠡᠯᠡᠨ᠎ᠡ ᠃ ᠪᠠᠷᠢᠨᠳᠠᠭ  ᠲᠤ ᠬᠦᠦ ᠂ ᠦᠭᠢᠨ ᠭᠡᠵᠣ ᠢᠯᠭᠠᠯ ᠪᠠᠶᠢᠳᠠᠭ ᠦᠭᠡᠢ ᠪᠥᠭᠡᠳ ᠵᠠᠬ᠎ᠠ ᠂ ᠡᠨᠭᠭᠡᠷ ᠂ ᠬᠣᠷᠮᠣᠢ ᠵᠢ  ᠨᠢ ᠵᠠᠳᠠᠭᠠᠢ ᠪᠠᠷ ᠣᠶᠤᠵᠣ ᠂ ᠲᠣᠪᠴᠢ ᠰᠢᠯᠪᠢ ᠬᠠᠳᠠᠳᠠᠭ ᠦᠭᠡᠢ ᠃ ᠬᠠᠷᠢᠨ ᠵᠠᠬ᠎ᠠ ᠪᠣᠯᠣᠨ  ᠡᠨᠭᠭᠡᠷ  ᠲᠤ  ᠨᠢ ᠲᠤᠰᠪᠣᠷᠢ ᠪᠥᠴᠡ ᠬᠠᠳᠠᠨ ᠤᠶᠠᠵᠣ ᠡᠮᠦᠰᠦᠭᠦᠯᠳᠡᠭ  ᠃ ᠮᠣᠩᠭᠣᠯᠴᠣᠳ ᠬᠡᠦᠭᠡᠳ ᠲ᠋ᠡᠭᠡᠨ ᠡᠷᠡᠭᠦᠯ  ᠮᠡᠨᠳᠦ ᠪᠤᠶᠢᠵᠢᠭᠰᠠᠨ ᠬᠡᠦᠭᠡᠳ  ᠤᠨ ᠬᠠᠭᠣᠴᠢᠨ ᠪᠠᠷᠢᠨᠳᠠᠭ  ᠢ ᠡᠮᠦᠰᠦᠭᠦᠯᠬᠦ  ᠵᠢ ᠶᠡᠭᠡ ᠰᠠᠶᠢᠨ ᠪᠡᠯᠭᠡᠳᠡᠯ  ᠢᠶᠠᠷ ᠦᠵᠡᠳᠡᠭ ᠃

 

4

 

ᠳᠡᠪᠡᠯ ᠲᠡᠷᠯᠢᠭ  ᠢ ᠡᠮᠦᠰᠴᠦ  ᠂ ᠲᠠᠶᠢᠯᠵᠣ ᠂ ᠬᠤᠷᠢᠶᠠᠬᠣ ᠶᠣᠰᠣ ᠭᠣᠷᠢᠮ

ᠳᠡᠪᠡᠯ ᠲᠡᠷᠯᠢᠭ  ᠢ ᠡᠮᠦᠰᠬᠦ  ᠡᠴᠡ ᠡᠮᠦᠨ᠎ᠡ ᠡᠩᠭᠡᠷ   ᠢ  ᠨᠢ ᠪᠡᠶ᠎ᠡ ᠡᠰᠡᠷᠭᠦ  ᠪᠠᠨ ᠬᠠᠨᠳᠣᠭᠣᠯᠵᠣ ᠬᠣᠶᠠᠷ ᠮᠥᠷᠥᠨ  ᠡᠴᠡ  ᠨᠢ ᠪᠠᠷᠢᠵᠣ ᠬᠥᠩᠭᠡᠨ ᠰᠡᠭᠰᠦᠷᠦᠭᠡᠳ ᠨᠥᠮᠥᠷᠥᠭᠰᠡᠨ  ᠤ ᠳᠠᠷᠠᠭ᠎ᠠ ᠂ ᠤᠷᠢᠳᠠᠪᠠᠷ ᠪᠠᠷᠠᠭᠣᠨ ᠭᠠᠷ  ᠢᠶᠡᠨ  ᠬᠠᠨᠴᠣᠶᠢᠯᠠᠵᠣ ᠲ᠋ᠠᠷᠠᠭ᠎ᠠ  ᠨᠢ ᠵᠡᠭᠦᠨ ᠭᠠᠷ  ᠢᠶᠡᠨ  ᠬᠠᠨᠴᠣᠶᠢᠯᠠᠵᠣ ᠂ ᠵᠡᠭᠦᠨ ᠭᠠᠷ  ᠤᠨ ᠳᠣᠮᠳᠠ ᠂ ᠳᠣᠯᠣᠪᠣᠷ ᠂ ᠡᠷᠡᠬᠡᠢ  ᠬᠤᠷᠣᠭᠣ ᠪᠠᠷ ᠤᠷᠢᠳᠠᠪᠠᠷ ᠡᠩᠭᠡᠷ   ᠤᠨ ᠲᠣᠪᠴᠢ ᠵᠢ ᠲᠣᠪᠴᠢᠯᠠᠵᠣ ᠂ ᠳᠠᠷᠠᠭ᠎ᠠ  ᠨᠢ ᠰᠣᠭᠣ ᠂ ᠲᠠᠰᠢᠶᠠᠨ  ᠤ ᠲᠣᠪᠴᠢ ᠵᠢ ᠲᠣᠪᠴᠢᠯᠠᠵᠣ ᠂ ᠬᠠᠮᠣᠭ  ᠤᠨ ᠰᠡᠭᠦᠯ ᠳ᠋ᠣᠨᠢ ᠵᠠᠭᠠᠮ᠎ᠠ ᠵᠢᠨ ᠲᠣᠪᠴᠢ ᠵᠢ ᠲᠣᠪᠴᠢᠯᠠᠨ᠎ᠠ ᠃ ᠡᠷᠡᠭᠲᠡᠶᠢᠴᠦᠳ  ᠨᠥᠮᠥᠭᠡᠨ  ᠢᠶᠡᠷ  ᠭᠡᠷ  ᠡᠴᠡ ᠭᠠᠷᠴᠤ ᠪᠣᠯᠬᠣ ᠦᠭᠡᠢ ᠂ ᠵᠠᠪᠠᠯ ᠪᠦᠰᠡ ᠪᠦᠰᠡᠯᠡᠭᠰᠡᠨ  ᠤ ᠳᠠᠷᠠᠭ᠎ᠠ ᠰᠠᠶ᠋ᠢ ᠭᠡᠷ  ᠡᠴᠡ ᠭᠠᠷᠬᠣ ᠶᠣᠰᠣᠳᠠᠢ ᠃

ᠳᠡᠪᠡᠯ ᠲᠡᠷᠯᠢᠭ  ᠢ ᠲᠠᠶᠢᠯᠬᠣ  ᠳᠤ ᠤᠷᠢᠳᠠᠪᠠᠷ ᠵᠠᠭᠠᠮ᠎ᠠ ᠵᠢᠨ ᠲᠣᠪᠴᠢ ᠪᠠᠨ ᠲᠠᠶᠢᠯᠵᠣ ᠂ ᠳᠠᠷᠠᠭ᠎ᠠ  ᠨᠢ  ᠡᠨᠭᠭᠡᠷ ᠲ᠋ᠠᠰᠢᠶᠠᠨ  ᠤ ᠲᠣᠪᠴᠢ ᠵᠢ ᠲᠠᠶᠢᠯᠵᠣ ᠂ ᠬᠠᠮᠣᠭ  ᠤᠨ ᠰᠡᠭᠦᠯ ᠳ᠋ᠣᠨᠢ ᠵᠡᠬᠦᠨ ᠬᠠᠨᠴᠣᠢ ᠪᠠᠨ ᠲᠠᠶᠢᠯᠵᠣ ᠂ ᠵᠠᠭᠠᠮ᠎ᠠ ᠵᠢ  ᠨᠢ ᠬᠣᠷᠮᠣᠢ  ᠡᠴᠡ ᠵᠠᠪᠠᠯ ᠳᠠᠪᠠᠳᠠᠯ᠎ᠠ ᠨᠣᠭᠣᠯᠵᠣ ᠲᠠᠯᠪᠢᠬᠣ ᠪᠤᠶᠤ ᠵᠠᠭᠠᠮ᠎ᠠ  ᠡᠴᠡ ᠪᠠᠨ ᠡᠯᠭᠦᠨ᠎ᠡ  ᠃

ᠳᠡᠪᠡᠯ ᠲᠡᠷᠯᠢᠭ  ᠢ ᠬᠤᠷᠢᠶᠠᠬᠣ  ᠳᠤ ᠮᠥᠨ ᠲᠣᠭᠳᠠᠭᠰᠠᠨ ᠵᠢᠮ᠎ᠡ ᠶᠣᠰᠣᠳᠠᠢ ᠪᠠᠶᠢᠳᠠᠭ ᠃ ᠳᠡᠪᠡᠯ  ᠤᠨ ᠵᠠᠭᠠᠮ᠎ᠠ ᠡᠩᠭᠡᠷ  ᠢ  ᠲᠣᠳᠣᠭᠰᠢ ᠪᠠᠨ ᠨᠣᠭᠣᠯᠬᠣ ᠵᠢ ᠴᠡᠭᠡᠷᠯᠡᠨ᠎ᠡ ᠂ ᠬᠡᠷᠡᠭᠦᠯᠴᠢ ᠬᠦᠮᠦᠨ ᠰᠠᠶ᠋ᠢ ᠢᠩᠭᠢᠵᠣ ᠨᠣᠭᠣᠯᠳᠠᠭ ᠭᠡᠨ᠎ᠡ ᠃ ᠳᠡᠪᠡᠯ  ᠤᠨ ᠬᠠᠨᠴᠣᠢ ᠵᠢ ᠲᠣᠳᠣᠭᠰᠢ ᠨᠣᠭᠣᠯᠬᠣ ᠵᠢ ᠴᠡᠭᠡᠷᠯᠡᠨ᠎ᠡ ᠂ ᠮᠠᠯ ᠨᠢᠳᠣᠯᠬᠣ ᠬᠦᠮᠦᠨ ᠰᠠᠶ᠋ᠢ ᠢᠩᠭᠢᠵᠣ ᠨᠣᠭᠣᠯᠳᠠᠭ ᠃ ᠳᠡᠪᠡᠯ ᠲ᠋ᠡᠷᠯᠢᠭ  ᠤᠨ ᠲᠣᠪᠴᠢ ᠰᠢᠯᠪᠢ ᠵᠢ ᠵᠠᠪᠠᠯ ᠪᠦᠷᠢᠨ ᠲᠣᠪᠴᠢᠯᠠᠬᠣ ᠭᠡᠷᠡᠭᠳᠡᠢ ᠃ ᠡᠩᠭᠡᠷ  ᠵᠠᠳᠠᠭᠠᠢ ᠂ ᠬᠣᠷᠮᠣᠢ ᠰᠢᠭᠣᠵᠣ ᠂ ᠬᠠᠨᠴᠣᠢ ᠰᠢᠮᠠᠯᠠᠨ ᠠᠶᠢᠯ  ᠳᠤ ᠣᠷᠣᠵᠣ ᠪᠣᠯᠬᠤ ᠦᠭᠡᠢ ᠃

( ᠳᠡᠭᠡᠷᠡᠬᠢ ᠬᠡᠰᠡᠭᠯᠡᠯ  ᠳᠤ ︽ ᠮᠣᠩᠭᠣᠯ ᠵᠠᠩ ᠦᠢᠯᠡ ᠵᠢᠨ ᠵᠦᠢ ︾ ᠪᠣᠯᠣᠨ ︽ ᠮᠣᠩᠭᠣᠯ ᠦᠨᠳᠦᠰᠦᠳᠡᠨ  ᠤ ᠬᠤᠪᠴᠠᠰᠤ ᠵᠠᠰᠠᠯ  ᠤᠨ ᠰᠣᠶᠣᠯ ︾ ᠨᠣᠮ  ᠢ ᠭᠣᠣᠯᠯᠠᠨ ᠠᠰᠢᠭᠯᠠᠪᠠ )

ᠰᠢᠭᠦᠮᠵᠢ