• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠠᠶᠢᠷᠠᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-10
  • ᠄   1
  • ᠄   0
  • ᠄   0
  • ᠄  0

ᠠᠶᠢᠷᠠᠭ ᠭᠡᠳᠡᠭ  ᠨᠢ ᠬᠥᠷᠥᠩᠭᠡ ᠪᠠᠷ ᠡᠬᠡ  ᠪᠣᠯᠭᠠᠵᠣ ᠢᠰᠭᠡᠭᠰᠡᠨ ᠰᠦ᠋ ᠵᠢ ᠬᠡᠯᠡᠳᠡᠭ ᠃ ᠠᠶᠢᠷᠠᠭ  ᠢ ᠸᠠᠭᠠᠷᠣᠨ ᠭᠠᠩ ᠂ ᠮᠣᠳᠣᠨ ᠭᠠᠩ ᠂ ᠠᠷᠠᠰᠣᠨ ᠲᠣᠯᠣᠮ  ᠳᠤ ᠢᠰᠭᠡᠳᠡᠭ ᠃ ᠠᠶᠢᠷᠠᠭ  ᠢ ᠲᠦᠭᠦᠭᠡᠢ ᠰᠦᠨ  ᠤ ᠠᠶᠢᠷᠠᠭ ᠂ ᠪᠣᠯᠣᠭᠰᠠᠨ ᠰᠦᠨ  ᠤ ᠠᠶᠢᠷᠠᠭ ᠭᠡᠵᠣ ᠬᠣᠶᠠᠷ ᠬᠣᠪᠢᠶᠠᠨ᠎ᠠ ᠃ ᠠᠶᠢᠷᠠᠭ  ᠢ ᠢᠰᠭᠡᠬᠦ  ᠳᠤ ᠠᠷᠢᠭᠣᠨ ᠴᠡᠪᠡᠷ  ᠢ ᠣᠨᠴᠠ ᠠᠩᠬᠠᠷᠬᠣ ᠴᠢᠬᠣᠯᠠᠳᠠᠢ ᠶᠤᠮ ᠃ ᠠᠶᠢᠷᠠᠭ  ᠢ ᠲᠠᠪᠣᠨ ᠬᠣᠰᠢᠭᠣ ᠮᠠᠯ  ᠤᠨ ᠰᠦ᠋  ᠪᠠᠷ ᠴᠥᠮ ᠢᠰᠭᠡᠵᠣ ᠪᠣᠯᠳᠠᠭ ᠃ ᠡᠭᠦᠨ  ᠳᠤ ᠵᠣᠩᠬᠢᠯᠠᠬᠣ ᠨᠣᠳᠣᠭ  ᠲᠤ ᠭᠡᠭᠦᠨ  ᠤ ᠰᠦᠨ ᠤ ᠠᠶᠢᠷᠠᠭ ᠢ ᠲᠤᠰ ᠲᠣᠨᠢ ᠴᠡᠭᠡ ᠭᠡᠵᠣ ᠨᠡᠷᠡᠯᠡᠳᠡᠭ ᠃

ᠬᠢᠬᠦ ᠠᠷᠭ᠎ᠠ ᠄

1. ᠬᠥᠷᠥᠩᠭᠡ ᠡᠬᠡ  ᠪᠡᠯᠡᠳᠭᠡᠭᠦ ᠄

(1) ᠠᠶᠢᠯ  ᠡᠴᠡ ᠬᠥᠷᠥᠩᠭᠡ ᠵᠠᠯᠠᠬᠣ ᠃

(2) ᠬᠥᠷᠥᠩᠭᠡ ᠢᠰᠭᠡᠬᠦ ᠃ eᠡᠭᠦᠨ ᠳᠦ  ᠲᠠᠷᠠᠭ  ᠢᠶᠡᠷ  ᠬᠥᠷᠥᠩᠭᠡᠯᠡᠬᠦ ᠂ ᠰᠦ᠋ ᠵᠢ ᠭᠠᠰᠢᠯᠭᠠᠵᠣ ᠪᠦᠯᠢᠵᠣ ᠬᠣᠣᠬᠣᠨ ᠢᠰᠭᠡᠬᠦ ᠂ ᠲᠦᠷᠦᠭᠦᠦ ᠵᠢᠯ  ᠤᠨ ᠬᠠᠳᠠᠭᠠᠯᠠᠭᠰᠠᠨ ︵ ᠥᠨᠵᠢᠭᠰᠡᠨ ︶ ᠠᠶᠢᠷᠠᠭ  ᠢᠶᠡᠷ  ᠢᠶᠡᠨ  ᠬᠥᠷᠥᠩᠭᠡᠯᠡᠬᠦ ᠂ ᠬᠣᠨᠣᠭ ᠪᠣᠳᠠᠭ᠎ᠠ ᠵᠢ ᠳᠤᠳᠠᠭᠣ ᠴᠢᠨᠠᠵᠣ ᠲᠠᠭᠠᠷᠴᠣᠭ  ᠲᠤ ᠬᠢᠵᠣ ᠬᠥᠷᠥᠩᠭᠡᠯᠡᠬᠦ ᠵᠡᠷᠭᠡ ᠠᠷᠪᠠᠭᠠᠳ ᠵᠦᠢᠯ  ᠤᠨ ᠠᠷᠭ᠎ᠠ ᠪᠤᠢ ᠃

2. ᠬᠥᠷᠥᠩᠭᠡ ᠳᠡᠭᠡᠷ᠎ᠡ ᠪᠠᠨ ᠡᠳᠦᠷ ᠡᠳᠦᠷ  ᠰᠦ᠋ ᠂ ᠰᠢᠷᠠᠰᠤ ᠨᠡᠮᠡᠨ᠎ᠡ ᠃

3. ᠭᠠᠩ  ᠲᠠᠢ ᠠᠶᠢᠷᠠᠭ  ᠢᠶᠡᠨ ᠡᠳᠦᠷ  ᠪᠦᠷᠢ ᠲᠣᠭᠳᠠᠭᠰᠠᠨ ᠬᠣᠭᠣᠴᠠᠭᠠᠨ  ᠳᠤ ᠲᠣᠭᠳᠠᠭᠰᠠᠨ ᠲᠣᠭ᠎ᠠ ᠪᠠᠷ ᠪᠦᠯᠢᠨ᠎ᠡ ᠃ ᠡᠭᠦᠨ   ᠳᠤ ᠪᠦᠯᠢᠯᠳᠡ ᠵᠢ ᠰᠠᠶᠢᠨ ᠬᠢᠵᠣ ᠂ ᠬᠦᠢᠳᠡᠨ ᠬᠠᠯᠠᠭᠣᠨ  ᠢ ᠵᠣᠬᠢᠴᠠᠭᠣᠯᠬᠣ ᠬᠡᠷᠡᠭᠳᠡᠢ ᠃ ᠠᠶᠢᠷᠠᠭ ᠵᠥᠪ ᠢᠰᠦᠪᠡᠯ ᠱᠤᠤᠬᠢᠬᠣ ᠳᠠᠭᠣ ᠭᠠᠷᠳᠠᠭ ᠃ ᠭᠡᠷᠪᠡ ᠪᠣᠷᠣᠭᠣ ᠢᠰᠦᠪᠡᠯ ᠶᠠᠮᠠᠷ ᠴᠤ ᠱᠤᠤᠬᠢᠶᠠᠨ ᠦᠭᠡᠢ ᠪᠣᠯᠳᠠᠭ ᠃ ᠠᠭᠣᠷ ᠠᠮᠢᠰᠬᠣᠯ ᠰᠡᠷᠢᠭᠦᠨ ᠪᠣᠯᠬᠣ ᠦᠶ᠎ᠡ  ᠳᠤ ᠠᠶᠢᠷᠠᠭ ᠢᠰᠦᠵᠣ ᠬᠥᠭᠡᠰᠦᠷᠡᠭᠦ ᠦᠭᠡᠢ ᠪᠣᠯᠬᠣ ᠵᠢ ︽ ᠠᠶᠢᠷᠠᠭ ᠳᠠᠭᠠᠷᠠᠬᠣ ︾ ᠬᠡᠮᠡᠨ ᠢᠰᠡᠭᠡᠢ ᠪᠤᠶᠤ ᠠᠷᠠᠰᠤᠨ ᠬᠤᠴᠢᠯᠭ᠎ᠠ  ᠪᠠᠷ ᠳᠤᠯᠠᠭᠠᠯᠠᠳᠠᠭ ᠃ ᠡᠭᠦᠨ  ᠤ ᠡᠰᠡᠷᠭᠦ   ᠪᠠᠷ ᠠᠶᠢᠷᠠᠭ ᠬᠠᠯᠠᠭᠣᠳᠠᠵᠣ ᠂ ᠥᠮᠡᠭᠡᠢ ᠦᠨᠦᠷ ᠭᠠᠷᠬᠣ ᠲᠣᠬᠢᠶᠠᠯᠳᠣᠯ   ᠳᠦ ᠠᠶᠢᠷᠠᠭ  ᠤᠨ ᠬᠣᠴᠢᠯᠭ᠎ᠠ ᠵᠢ ᠠᠪᠴᠤ ᠰᠡᠷᠢᠭᠦᠴᠡᠭᠦᠯᠳᠡᠭ ᠃

1
ᠮᠣᠳᠣᠨ ᠭᠠᠩ ︵ ᠠᠷᠬᠠᠳ ︶
2
ᠮᠣᠳᠣᠨ ᠭᠠᠩ ᠳ᠋ᠥ ᠠᠶᠢᠷᠠᠭ ᠪᠦᠯᠢᠵᠦ ᠪᠠᠶᠢᠭ᠎ᠠ  ᠨᠢ
3
ᠸᠠᠭᠠᠷᠤᠨ ᠭᠠᠩ ᠳ᠋ᠣ ᠠᠶᠢᠷᠠᠭ ᠪᠦᠯᠢᠵᠦ ᠪᠠᠶᠢᠭ᠎ᠠ  ᠨᠢ ︵ ᠲᠡᠭᠡᠷᠡᠬᠢ ᠭᠤᠷᠪᠠᠨ ᠵᠢᠷᠣᠭ  ᠢ ︽ ᠲᠣᠮᠳᠠᠳᠣ ᠣᠯᠣᠰ  ᠤᠨ ᠮᠣᠩᠭᠣᠯᠴᠣᠳ  ᠤᠨ ᠨᠡᠭᠦᠳᠡᠯ ᠮᠠᠯᠵᠢᠯ  ᠤᠨ ᠰᠣᠶᠣᠯ ︾ ᠨᠣᠮ ᠡᠴᠠ ᠠᠪᠣᠪᠠ ︶

ᠬᠡᠷᠡᠭᠯᠡᠬᠦ ᠄

1. ᠤᠤᠭᠤᠬᠤ ᠃ ᠪᠣᠯᠣᠭᠰᠠᠨ ᠰᠦ᠋ ᠨᠡᠮᠡᠵᠣ ᠠᠮᠳᠠ ᠵᠢ  ᠨᠢ ᠵᠦᠭᠡᠯᠡᠷᠡᠭᠦᠯᠦᠨ ᠬᠣᠭᠣᠷᠮᠠᠭ ᠪᠣᠯᠭᠠᠨ ᠤᠤᠭᠤᠬᠤ ᠂ ᠡᠰᠡᠬᠦᠯ᠎ᠡ  ᠬᠠᠯᠠᠭᠣᠨ ᠴᠠᠭ  ᠲᠤ ᠠᠶᠢᠷᠠᠭ  ᠤᠨ ᠳᠡᠭᠡᠷ᠎ᠡ ᠤᠰᠤ ᠨᠡᠮᠡᠵᠣ ᠴᠢᠢᠳᠡᠮ ᠪᠣᠯᠭᠠᠨ ᠤᠤᠭᠤᠬᠤ ᠃

2. ᠲᠣᠰᠣ ᠤᠨᠠᠭᠠᠬᠣ ︵ ᠢᠯᠭᠠᠷᠠᠭᠣᠯᠣᠨ ᠠᠪᠬᠣ ︶ ᠃

3. ᠲᠣᠭᠣᠭ᠎ᠠ ᠨᠡᠷᠡᠬᠦ ︵ ᠰᠠᠭᠠᠯᠢ ᠵᠢᠨ ᠠᠷᠢᠬᠢ ᠨᠡᠷᠡᠬᠦ ᠵᠢ ᠲᠣᠭᠣᠭ᠎ᠠ ᠨᠡᠷᠡᠬᠦ ᠭᠡᠵᠣ ᠬᠡᠯᠡᠳᠡᠭ ︶ ᠃ ᠴᠠᠭ᠎ᠠ ᠭᠠᠷᠭᠠᠨ ᠠᠪᠬᠣ᠂ ᠠᠭᠠᠷᠴᠠ ᠬᠣᠷᠣᠳ ᠬᠢᠬᠦ ᠃

4. ᠠᠮᠨᠡᠯᠭᠡ ᠳᠤ ᠬᠡᠷᠡᠭᠯᠡᠬᠦ ᠃ ᠬᠣᠣᠷ ᠢ ᠲᠠᠶᠢᠯᠬᠣ ᠂ ᠮᠣᠭᠠᠢ ᠪᠤᠶᠤ ᠵᠦᠭᠡᠢ ᠳᠤ ᠬᠠᠳᠬᠣᠭᠳᠠᠭᠰᠠᠨ ᠦᠶ᠎ᠡ ᠳᠤ ᠲᠦᠷᠬᠢᠬᠦ ᠂ ᠡᠰᠡᠬᠦᠯ᠎ᠡ  ᠤᠤᠭᠤᠬᠤ ᠵᠡᠷᠭᠡ  ᠪᠠᠷ ᠬᠡᠷᠡᠭᠯᠡᠳᠡᠭ ᠃   ᠬᠠᠳᠠᠭᠠᠯᠠᠬᠣ ᠄     ᠰᠦ᠋ ᠰᠠᠭᠠᠯᠢ ᠬᠣᠪᠣᠷᠳᠠᠬᠣ ᠦᠶ᠎ᠡ ᠳᠤ ᠠᠶᠢᠷᠠᠭ  ᠢᠶᠡᠨ  ᠵᠢᠵᠢᠭ ᠰᠠᠪᠠᠨ ᠳᠤ ᠶᠡᠬᠦᠯᠡᠵᠣ ᠂ ᠲᠠᠯᠪᠢᠨ ᠬᠠᠳᠠᠭᠠᠯᠠᠬᠣ ᠪᠤᠶᠤ ᠬᠥᠯᠳᠡᠭᠡᠨ ᠬᠠᠳᠠᠭᠠᠯᠠᠵᠣ ᠡᠪᠦᠯ ᠬᠠᠪᠣᠷ ᠬᠡᠷᠡᠭᠯᠡᠵᠣ ᠪᠣᠯᠳᠠᠭ ᠃

ᠡᠭᠦᠨ   ᠡᠴᠡ ᠭᠠᠳᠠᠨ᠎ᠠ ᠂ ᠵᠠᠷᠢᠮ ᠨᠣᠳᠣᠭ  ᠲᠤ ᠲᠣᠭᠣᠭ᠎ᠠ ᠨᠡᠷᠡᠬᠦ  ᠪᠠᠨ ᠵᠣᠭᠰᠣᠬᠣ ᠦᠶ᠎ᠡ  ᠪᠠᠷ ᠠᠶᠢᠷᠠᠭ  ᠡᠴᠡ  ᠪᠠᠨ ᠪᠠᠭ᠎ᠠ ᠪᠠᠭ᠎ᠠ  ᠪᠠᠷ ᠠᠪᠴᠤ ᠂ ᠵᠠᠳᠠᠭᠠᠢ ᠰᠠᠪᠠᠨ  ᠳᠤ ᠨᠠᠭᠠᠯᠳᠣᠭᠣᠯᠣᠨ ᠂ ᠲᠠᠯᠬ᠎ᠠ ᠪᠣᠯᠭᠠᠨ ᠬᠠᠳᠠᠭᠠᠯᠠᠵᠣ ᠂ ᠢᠷᠡᠬᠦ ᠵᠢᠯ  ᠨᠢ ᠬᠥᠷᠥᠩᠭᠡ ᠪᠣᠯᠭᠠᠨ ᠬᠡᠷᠡᠭᠯᠡᠬᠦ  ᠪᠠᠷ ᠦᠯᠡᠳᠡᠭᠡᠳᠡᠭ ᠵᠠᠩᠰᠢᠯ ᠪᠤᠢ ᠃

ᠰᠢᠭᠦᠮᠵᠢ