• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠥᠷᠥᠮ᠎ᠡ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-09
  • ᠄   1
  • ᠄   0
  • ᠄   0
  • ᠄  0

ᠰᠦ᠋ ᠵᠢ ᠬᠦᠭᠡᠷᠦᠭᠦᠯᠦᠭᠰᠡᠨ ᠤ ᠳᠠᠷᠠᠭ᠎ᠠ ᠬᠥᠷᠥᠰᠥᠯᠡᠨ ᠳᠣᠭᠳᠠᠳᠠᠭ ︵ ᠰᠠᠭᠣᠳᠠᠭ ︶ ᠲᠣᠰᠣᠯᠢᠭ ᠳᠠᠪᠬᠤᠷᠭ᠎ᠠ ᠵᠢ ᠥᠷᠥᠮ᠎ᠡ ᠭᠡᠨ᠎ᠡ ︵ ᠵᠠᠷᠢᠮ ᠨᠣᠳᠣᠭ ᠲᠤ ᠡᠭᠡᠳᠡᠭᠰᠡᠨ  ᠰᠦᠨ ᠤ ᠳᠡᠭᠡᠷ᠎ᠡ ᠲᠣᠭᠳᠠᠭᠰᠠᠨ ᠵᠥᠭᠡᠭᠡᠢ ᠵᠢ ᠥᠷᠥᠮ᠎ᠡ ᠭᠡᠵᠣ ᠬᠡᠯᠡᠳᠡᠭ ︶ ᠃ ᠥᠷᠥᠮ᠎ᠡ ᠵᠢ ᠭᠣᠣᠯᠳᠠᠭᠣ ᠰᠡᠷᠢᠭᠦᠨ ᠤᠯᠠᠷᠢᠯ ᠳᠤ ᠬᠥᠭᠡᠷᠦᠭᠦᠯᠦᠨ᠎ᠡ ᠃ ᠭᠡᠪᠡᠴᠤ ᠵᠠᠷᠢᠮ ᠨᠣᠳᠣᠭ  ᠲᠤ ᠰᠠᠭᠠᠭᠰᠠᠨ ᠰᠦ᠋  ᠪᠠᠨ ᠲᠥᠷᠪᠡᠨ ᠤᠯᠠᠷᠢᠯ ᠲᠤᠷᠰᠢ ᠬᠦᠭᠡᠷᠦᠭᠦᠯᠵᠣ ᠂ ᠥᠷᠥᠮ᠎ᠡ ᠵᠢ  ᠨᠢ ᠬᠤᠷᠢᠶᠠᠨ ᠬᠠᠳᠠᠭᠠᠯᠠᠵᠣ ᠂ ᠰᠢᠷ᠎ᠠ ᠲᠣᠰᠣ ᠭᠠᠷᠭᠠᠨ ᠠᠪᠳᠠᠭ ᠵᠠᠩᠰᠢᠯ ᠪᠤᠢ ᠃

ᠬᠢᠬᠦ ᠠᠷᠭ᠎ᠠ ᠄

(1) ᠱᠦᠭᠦᠭᠰᠡᠨ ᠰᠦ᠋ ᠪᠠᠨ ᠲᠣᠭᠣᠭᠠᠨ ᠳᠤ ᠬᠢᠨ᠎ᠡ ᠃

(2) ᠵᠥᠭᠡᠯᠡᠨ ᠭᠠᠯ ᠳᠡᠭᠡᠷ᠎ᠡ ᠰᠦ᠋ ᠪᠠᠨ ᠬᠠᠯᠠᠭᠠᠨ᠎ᠠ ︵ ᠭᠠᠯ ᠤᠨ ᠬᠦᠴᠦ ᠵᠢ ᠲᠡᠩᠴᠡᠭᠦᠯᠭᠦ ᠵᠢ ᠠᠩᠬᠠᠷᠬᠣ ᠭᠡᠷᠡᠭᠳᠡᠢ ︶ ᠃

(3) ᠰᠦ᠋ ᠪᠤᠴᠠᠯᠣᠵᠣ ᠣᠷᠬᠢᠬᠣ ᠦᠶ᠎ᠡ ᠪᠠᠷ ᠲᠠᠰᠤᠷᠣᠯᠳᠠ ᠦᠭᠡᠢ ᠰᠠᠮᠣᠷᠣᠨ ᠬᠥᠭᠡᠰᠦᠨ  ᠤ ᠳᠠᠪᠬᠣᠷᠭ᠎ᠠ ᠵᠢ  ᠨᠢ ᠵᠣᠵᠠᠭᠠᠷᠠᠭᠣᠯᠣᠨ᠎ᠠ ᠃ ᠰᠠᠮᠣᠷᠴᠣ ᠪᠠᠶᠢᠭ᠎ᠠ ᠦᠶ᠎ᠡ  ᠳᠤ ᠰᠠᠯᠬᠢ ᠦᠵᠡᠭᠦᠯᠬᠦ  ᠡᠴᠡ ᠰᠡᠷᠭᠡᠶᠢᠯᠡᠵᠣ ᠂ ᠳᠠᠭᠠᠣ ᠳ᠋ᠣᠨᠢ ᠰᠦ᠋ ᠨᠡᠮᠡᠵᠣ ᠂ ᠬᠥᠭᠡᠰᠦᠨ ᠤ ᠴᠣᠭᠣᠷᠣᠬᠠᠢ ᠵᠢ ᠪᠦᠭᠯᠡᠨ᠎ᠡ ᠃ ᠥᠷᠥᠮ᠎ᠡ ᠵᠢ ᠰᠦᠨ ᠤ ᠬᠥᠭᠡᠰᠦ ᠪᠠᠷ ᠪᠦᠳᠦᠭᠡᠳᠡᠭ ᠲᠣᠯᠠ ᠰᠦ᠋ ᠵᠢ ᠰᠠᠮᠣᠷᠬᠣ ᠳᠠᠭᠠᠨ ᠬᠥᠭᠡᠰᠦ ᠵᠢ  ᠨᠢ ᠲᠦᠷᠭᠡᠨ ᠵᠠᠮᠬᠠᠷᠠᠭᠣᠯᠣᠬᠣ  ᠡᠴᠡ ᠪᠣᠯᠭᠣᠮᠵᠢᠯᠠᠳᠠᠭ ᠃ ᠰᠠᠮᠤᠷᠠᠬᠣ ᠠᠵᠢᠯ  ᠢ ᠨᠢᠭᠡ ᠴᠠᠭ ᠬᠢᠷᠢᠳᠠᠢ ᠬᠢᠳᠡᠭ ᠃

(4) ᠰᠦ᠋ ᠪᠠᠨ ᠰᠠᠮᠣᠷᠴᠣ ᠵᠣᠬᠢᠬᠣ ᠬᠡᠮᠵᠢᠶᠡᠨ ᠳᠤ ᠬᠦᠷᠪᠡᠯ ᠭᠠᠯ ᠵᠶᠠᠨ ᠵᠣᠭᠰᠣᠭᠠᠵᠣ ᠬᠥᠷᠦᠭᠡᠨ᠎ᠡ ᠃ ᠬᠥᠷᠥᠭᠰᠡᠨ ᠥᠷᠥᠮ᠎ᠡ ᠵᠢ ᠵᠥᠭᠡᠯᠡᠨ ᠭᠠᠯ  ᠢᠶᠡᠷ 2-3 ᠤᠳᠠᠭ᠎ᠠ ᠬᠠᠯᠠᠭᠠᠵᠣ ᠂ ᠥᠷᠥᠮ᠎ᠡ ᠵᠢ ᠵᠣᠵᠠᠭᠠᠷᠠᠭᠣᠯᠣᠨ᠎ᠠ᠃

(5) ᠥᠷᠥᠮ᠎ᠡ  ᠪᠠᠨ ᠠᠷᠪᠠᠨ ᠬᠡᠳᠦᠨ ᠴᠠᠭ ︵ ᠬᠣᠨᠣᠭᠣᠳᠠ ︶ ᠴᠠᠷᠴᠠᠭᠠᠨ᠎ᠠ ᠃

(6) ᠥᠷᠥᠮ᠎ᠡ ᠪᠠᠨ ᠬᠠᠮᠣᠵᠣ ᠠᠪᠣᠨ᠎ᠠ ᠃ ᠥᠷᠥᠮ᠎ᠡ ᠵᠢ ᠭᠣᠣᠯᠳᠠᠭᠣ ᠬᠠᠪᠰᠤᠷᠴᠤ ᠬᠠᠳᠠᠭᠠᠳᠠᠭ ᠃ ᠠᠶᠢᠮᠦ  ᠡᠴᠡ ᠵᠠᠷᠢᠮ ᠨᠣᠳᠣᠭ ᠲᠤ ᠥᠷᠥᠮ᠎ᠡ ᠵᠢ ᠬᠠᠪᠰᠣᠷᠣᠭᠰᠠᠨ ᠥᠷᠥᠮ᠎ᠡ ᠭᠡᠳᠡᠭ ᠃ ᠡᠭᠦᠨ  ᠡᠴᠡ ᠭᠠᠳᠠᠨ᠎ᠠ ᠂ ᠥᠷᠥᠮ᠎ᠡ ᠵᠢᠨ ᠬᠦᠪᠡᠭᠡ ᠵᠢ ᠬᠦᠢᠴᠡᠳ ᠪᠠᠭᠣᠯᠭᠠᠭᠰᠠᠨ ᠤ ᠳᠠᠷᠠᠭ᠎ᠠ ᠂ ᠨᠠᠷᠢᠨ ᠬᠣᠯᠣᠰᠤ ᠪᠤᠶᠤ ᠰᠠᠪᠬ᠎ᠠ ᠵᠢ ᠰᠢᠷᠭᠣᠭᠣᠯᠠᠨ ᠡᠷᠭᠦᠵᠤ ᠠᠪᠳᠠᠭ ᠃ ᠵᠠᠷᠢᠮ ᠨᠣᠳᠣᠭ  ᠲᠤ ᠥᠷᠥᠮ᠎ᠡ ᠵᠢ ᠲᠣᠭᠣᠭᠠᠨ  ᠡᠴᠡ  ᠨᠢ ᠠᠪᠬᠣ  ᠳᠠᠭᠠᠨ ᠪᠤᠷᠠᠮ ᠂ ᠰᠢᠬᠢᠷ ᠂ ᠦᠵᠦᠮ ᠂ ᠬᠠᠭᠣᠷᠠᠢ ᠪᠤᠳᠠᠭ᠎ᠠ ᠵᠡᠷᠭᠡ ᠠᠮᠳᠠᠳᠠᠨ  ᠢ ᠨᠡᠮᠡᠳᠡᠭ ᠵᠠᠩᠰᠢᠯ ᠪᠤᠢ ᠃

1
ᠰᠦ᠋ ᠵᠢ ᠬᠦᠭᠡᠷᠦᠭᠦᠯᠵᠦ ᠪᠠᠶᠢᠭ᠎ᠠ  ᠨᠢ
2
ᠰᠦ᠋ ᠰᠠᠮᠣᠷᠴᠣ ᠪᠠᠶᠢᠭ᠎ᠠ  ᠨᠢ

ᠬᠡᠷᠡᠭᠯᠡᠬᠦ ᠄

(1) ᠰᠢᠭᠣᠳ ᠢᠳᠡᠬᠦ ᠃

(2) ᠪᠠᠭ᠎ᠠ ᠬᠡᠮᠵᠢᠶ᠎ᠡ ᠪᠠᠷ ᠴᠠᠢ  ᠶᠢᠨ  ᠬᠣᠯᠢᠴᠠ ᠪᠣᠯᠭᠠᠬᠣ ᠃

(3) ᠵᠠᠷᠢᠮ ᠨᠣᠳᠣᠭ ᠲᠤ ᠥᠷᠥᠮᠡᠨ ᠳᠤ ᠬᠠᠭᠣᠷᠠᠢ ᠪᠣᠳᠠᠭ᠎ᠠ ᠵᠢᠭᠣᠷᠠᠵᠣ ᠢᠳᠡᠳᠡᠭ ᠃

(4) ᠲᠠᠪᠠᠭ  ᠲᠠᠢ ᠢᠳᠡᠭᠡᠨ ᠤ ᠥᠩᠭᠡ ᠪᠣᠯᠭᠠᠨ ᠲᠠᠯᠪᠢᠬᠣ ᠭᠡᠬᠦ ᠮᠡᠳᠦ ᠃

ᠥᠷᠥᠮ᠎ᠡ ᠬᠥᠭᠡᠷᠦᠭᠦᠯᠬᠦ ᠳᠤ ᠲᠣᠭᠣᠭᠠᠨ ᠤ ᠢᠷᠣᠭᠠᠷ ᠂ ᠬᠠᠵᠠᠭᠣ ᠲᠠᠯ᠎ᠠ ᠪᠠᠷ ᠨᠠᠭᠠᠯᠳᠣᠵᠣ ᠲᠣᠭᠳᠠᠭᠰᠠᠨ ᠭᠡᠰᠡᠭ ᠢ ᠬᠣᠰᠣᠮ ᠬᠡᠮᠡᠨ ᠂ ᠭᠣᠣᠯᠳᠠᠭᠣ ᠬᠡᠦᠭᠡᠳ ᠲᠤ ᠢᠳᠡᠭᠦᠯᠳᠡᠭ ᠃ ᠬᠣᠰᠣᠮ  ᠢ ᠥᠩᠭᠡ  ᠪᠠᠷ  ᠨᠢ ᠬᠠᠷ᠎ᠠ ᠂ ᠪᠣᠷᠣ ᠂ ᠴᠠᠭᠠᠨ ᠭᠡᠵᠣ ᠢᠯᠭᠠᠳᠠᠭ ᠪᠥᠭᠡᠳ ᠬᠠᠷ᠎ᠠ ᠬᠣᠰᠣᠮ  ᠢ ᠢᠳᠡᠳᠡᠭ ᠦᠭᠡᠢ ᠶᠤᠮ ᠃
3
︵ ᠲᠡᠭᠡᠷᠡᠬᠢ ᠭᠣᠷᠪᠠᠨ ᠵᠢᠷᠣᠭ  ᠢ ︽ ᠲᠣᠮᠳᠠᠳᠣ ᠣᠯᠣᠰ  ᠤᠨ ᠮᠣᠩᠭᠣᠯᠴᠣᠳ  ᠤᠨ ᠨᠡᠭᠦᠳᠡᠯ ᠮᠠᠯᠵᠢᠯ  ᠤᠨ ᠰᠣᠶᠣᠯ ︾ ᠨᠣᠮ ᠡᠴᠠ ᠠᠪᠣᠪᠠ ︶

ᠬᠠᠳᠠᠭᠠᠯᠠᠬᠣ ᠄   ᠥᠷᠥᠮ᠎ᠡ ᠵᠢ ᠳᠤᠯᠠᠭᠠᠨ ᠴᠠᠭ  ᠲᠤ ᠤᠳᠠᠭᠠᠨ ᠬᠠᠳᠠᠭᠠᠯᠠᠬᠣ  ᠳᠤ ᠪᠡᠷᠭᠡ  ᠲᠠᠢ ᠪᠠᠶᠢᠳᠠᠭ ᠃

(1) ᠬᠠᠳᠠᠭᠠᠵᠣ ᠬᠠᠳᠠᠭᠠᠯᠠᠬᠣ ᠃

(2) ᠭᠦᠵᠡᠭᠡᠨ  ᠳᠤ ᠬᠢᠵᠣ ᠬᠠᠳᠠᠭᠠᠯᠠᠬᠣ ᠃

(3) ᠬᠥᠯᠳᠡᠭᠡᠵᠣ ᠬᠠᠳᠠᠭᠠᠯᠠᠬᠣ ᠵᠡᠷᠭᠡ ᠃

ᠰᠢᠭᠦᠮᠵᠢ