• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠪᠢᠰᠢᠯᠠᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-10
  • ᠄   1
  • ᠄   0
  • ᠄   0
  • ᠄  0

ᠪᠢᠰᠢᠯᠠᠭ ᠢ ᠲᠦᠭᠦᠭᠡᠢ ᠰᠦᠨ ᠤ ᠪᠢᠰᠢᠯᠠᠭ ᠂ ᠪᠣᠯᠣᠭᠰᠠᠨ ᠰᠦᠨ ᠤ ᠪᠢᠰᠢᠯᠠᠭ ᠭᠡᠵᠣ ᠬᠣᠪᠢᠶᠠᠳᠠᠭ ᠃ ᠪᠢᠰᠢᠯᠠᠭ  ᠢ ᠭᠣᠣᠯᠳᠠᠭᠣ ᠬᠣᠨᠢ ᠂ ᠦᠨᠢᠶ᠎ᠡ ᠂ ᠢᠩᠭᠡᠨ  ᠤ ᠰᠦ᠋  ᠪᠠᠷ ᠬᠢᠳᠡᠭ ᠃ ᠵᠠᠷᠢᠮ ᠦᠶ᠎ᠡ  ᠳᠤ ᠣᠭᠣᠷᠠᠭ  ᠢᠶᠠᠷ ᠴᠤ ᠪᠢᠰᠢᠯᠠᠭ ᠬᠢᠳᠡᠭ ᠃ ᠬᠣᠨᠢᠨ  ᠤ ᠲᠦᠭᠦᠭᠡᠢ ᠰᠦ᠋  ᠪᠠᠷ ᠬᠢᠭᠰᠡᠨ ᠪᠢᠰᠢᠯᠠᠭ  ᠨᠢ ᠦᠨᠢᠶᠡᠨ  ᠤ ᠲᠦᠭᠦᠭᠡᠢ ᠰᠦ᠋  ᠪᠠᠷ ᠬᠢᠭᠰᠡᠨ ᠪᠢᠰᠢᠯᠠᠭ  ᠢ ᠪᠣᠳᠣᠪᠠᠯ ᠬᠠᠳᠠᠭᠰᠠᠨ  ᠤ ᠳᠠᠷᠠᠭ᠎ᠠ ᠢᠯᠡᠬᠦᠦ ᠵᠥᠭᠡᠯᠡᠨ ᠪᠠᠶᠢᠳᠠᠭ ᠃

1. ᠲᠦᠭᠦᠭᠡᠢ ᠰᠦᠨ ᠤ ᠪᠢᠰᠢᠯᠠᠭ  ᠢ ᠬᠢᠬᠦ ᠠᠷᠭ᠎ᠠ ᠄

(1) ᠡᠭᠡᠳᠡᠭᠰᠡᠨ ᠰᠦ᠋ ᠪᠠᠨ ᠲᠣᠭᠣᠭᠠᠨ ᠳᠤ ᠬᠢᠨ᠎ᠡ ᠃

(2) ᠵᠥᠭᠡᠯᠡᠨ ᠭᠠᠯᠯᠠᠵᠣ ᠰᠢᠷ᠎ᠠ ᠰᠢᠭᠦᠰᠦ ᠶᠢ  ᠨᠢ ᠠᠪᠣᠨ᠎ᠠ ᠃

(3) ᠡᠭᠡᠳᠡᠮ ᠢ  ᠨᠢ ᠨᠣᠬᠣᠬᠣ ᠦᠭᠡᠢ ᠪᠠᠷ ᠱᠦᠭᠦᠨ ᠠᠪᠴᠣ ᠂ ᠱᠠ ᠪᠦᠰ ᠢᠶᠠᠷ ᠣᠷᠢᠶᠠᠵᠣ ᠂ ᠬᠠᠪᠳᠠᠭᠠᠢ ᠴᠢᠯᠠᠭᠣ ᠪᠤᠶᠤ ᠮᠣᠳᠣᠨ  ᠤ ᠵᠠᠪᠰᠠᠷ  ᠲᠤ ᠳᠠᠷᠣᠵᠣ ᠂ ᠰᠢᠷᠠᠰᠤ  ᠶᠢ  ᠨᠢ ᠰᠢᠪᠬᠠᠷᠠᠭᠠᠨ᠎ᠠ ᠃ ᠡᠭᠦᠨ ᠢ ᠪᠢᠰᠢᠯᠠᠭ ᠳᠠᠷᠣᠬᠣ ᠭᠡᠳᠡᠭ᠃

(4) ᠡᠭᠰᠢᠭᠰᠡᠨ ᠤ ᠳᠠᠷᠠᠭ᠎ᠠ ᠬᠣᠷᠴᠠ ᠬᠢᠳᠣᠭ᠎ᠠ ᠂ ᠬᠢᠯᠭᠠᠰᠤ ᠂ ᠤᠳᠠᠰᠤ  ᠪᠠᠷ ᠨᠢᠮᠭᠡᠨ ᠬᠠᠪᠳᠠᠭᠠᠢ ᠪᠤᠶᠤ ᠵᠢᠵᠢᠭ ᠳᠥᠷᠪᠡᠯᠵᠢᠨ ᠵᠦᠰᠦᠵᠣ ᠬᠠᠳᠠᠭᠠᠨ᠎ᠠ ᠃

2. ᠪᠣᠯᠣᠭᠰᠠᠨ ᠰᠦᠨ ᠤ ᠪᠢᠰᠢᠯᠠᠭ  ᠢ ᠬᠢᠬᠦ ᠠᠷᠭ᠎ᠠ᠄

(1) ᠥᠷᠥᠮ᠎ᠡ ᠬᠦᠭᠡᠷᠦᠭᠦᠯᠦᠭᠰᠡᠨ ᠰᠦ᠋ ᠪᠠᠨ ᠳᠠᠬᠢᠨ ᠬᠠᠯᠠᠭᠠᠵᠣ ᠪᠠᠭ᠎ᠠ ᠬᠡᠮᠵᠢᠶᠡᠨ  ᠤ ᠡᠭᠡᠳᠡᠭᠰᠡᠨ ᠰᠦ᠋ ᠂ ᠰᠢᠷᠠᠰᠤ ᠂ ᠠᠶᠢᠷᠠᠭ ᠨᠡᠮᠡᠨ᠎ᠡ ᠃

(2) ᠡᠭᠡᠳᠡᠮ ᠢ  ᠨᠢ ᠱᠦᠭᠦᠨ ᠠᠪᠴᠤ ᠂ ᠪᠦᠰ ᠢᠶᠠᠷ ᠣᠷᠢᠶᠠᠨ ᠳᠠᠷᠣᠨ᠎ᠠ ᠃

(3) ᠡᠭᠰᠢᠭᠰᠡᠨ ᠤ ᠳᠠᠷᠠᠭ᠎ᠠ ᠵᠢᠵᠢᠭᠯᠡᠨ ᠵᠦᠰᠦᠨ᠎ᠡ ᠃

(4) ᠬᠠᠳᠠᠭᠠᠨ᠎ᠠ ᠃

1
ᠪᠢᠰᠢᠯᠠᠭ ᠲᠠᠷᠣᠵᠣ ᠪᠠᠶᠢᠭ᠎ᠠ  ᠨᠢ

ᠬᠡᠷᠡᠭᠯᠡᠬᠦ ᠄

(1) ᠰᠢᠭᠣᠳ ᠢᠳᠡᠬᠦ ᠃

(2) ᠴᠠᠶᠢᠨ ᠳᠤ ᠬᠢᠵᠣ ᠢᠳᠡᠬᠦ ᠭᠡᠬᠦ ᠮᠡᠳᠦ ᠃

ᠬᠠᠳᠠᠭᠠᠯᠠᠬᠣ ᠄   ᠭᠦᠢᠴᠡᠳ ᠬᠠᠳᠠᠭᠰᠠᠨ ᠪᠢᠰᠢᠯᠠᠭ  ᠨᠢ ᠤᠳᠠᠭᠠᠨ ᠬᠠᠳᠠᠭᠠᠯᠠᠬᠣ ᠶᠢ ᠳᠠᠭᠠᠭᠠᠳᠠᠭ ᠃ ᠭᠣᠣᠯᠳᠠᠭᠣ ᠪᠦᠰ ᠳᠠᠪᠣᠣ ᠤᠭᠤᠳᠠᠨ ᠳᠤ ᠬᠢᠵᠣ ᠬᠠᠭᠣᠷᠠᠢ ᠭᠠᠵᠠᠷ ᠲᠠᠯᠪᠢᠨ᠎ᠠ ᠃

ᠰᠢᠭᠦᠮᠵᠢ