• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠠᠭᠠᠯᠢ ᠶᠢᠨ ᠠᠷᠢᠬᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 36.08 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠰᠠᠭᠠᠯᠢ ᠵᠢᠨ ᠠᠷᠢᠬᠢ ᠵᠢ ᠪᠠᠰᠠ ᠮᠣᠩᠭᠣᠯ ᠠᠷᠢᠬᠢ ᠭᠡᠳᠡᠭ ᠃ ᠭᠦᠢᠴᠡᠳ ᠢᠰᠦᠭᠰᠡᠨ ᠠᠶᠢᠷᠠᠭ ᠢ ᠪᠣᠴᠠᠯᠭᠠᠵᠣ ᠭᠠᠷᠭᠠᠳᠠᠭ ᠨᠡᠷᠡᠮᠡᠯ ᠤᠮᠳᠠᠭᠠᠨ ᠢ ᠬᠡᠯᠡᠳᠡᠭ ᠃ ᠲᠣᠭᠣᠭ᠎ᠠ ᠨᠡᠷᠡᠭᠦ  ᠨᠢ ᠰᠢᠩᠭᠡᠨ ᠪᠡᠶᠡᠳᠦ ᠠᠭᠤᠷᠰᠢᠨ ᠳᠡᠭᠳᠡᠵᠣ ᠂ ᠬᠦᠢᠳᠡᠨ  ᠲᠠᠢ ᠤᠴᠠᠷᠠᠪᠠᠯ ᠳᠠᠬᠢᠨ ᠰᠢᠩᠭᠡᠨ ᠪᠡᠶᠡᠳᠦ ᠪᠣᠯᠳᠠᠭ ᠤᠭ ᠶᠣᠰᠣ ᠵᠢ ᠠᠰᠢᠭᠯᠠᠳᠠᠭ ᠃ ᠰᠠᠭᠠᠯᠢ ᠵᠢᠨ ᠠᠷᠢᠬᠢ ᠨᠡᠷᠡᠬᠦ  ᠳᠤ ᠰᠢᠷᠦᠭᠦᠨ ᠭᠠᠯ  ᠢ  ᠡᠷᠬᠢᠮᠯᠡᠨ᠎ᠡ ᠃ ᠳᠣᠣᠷ᠎ᠠ ᠪᠦᠷᠬᠦᠭᠦᠷ ᠢᠶᠡᠷ  ᠠᠷᠢᠬᠢ ᠨᠡᠷᠡᠬᠦ ᠨᠡᠶᠢᠳᠡᠯᠢᠭ ᠨᠢᠭᠡᠨ ᠠᠷᠭ᠎ᠠ  ᠶᠢ ᠲᠠᠨᠢᠯᠴᠠᠭᠣᠯᠣᠶ᠎ᠠ ᠃

1

 

︵ ᠲᠣᠰ ᠵᠢᠷᠣᠭ  ᠢ ︽ ᠲᠣᠮᠳᠠᠳᠣ ᠣᠯᠣᠰ  ᠤᠨ ᠮᠣᠩᠭᠣᠯᠴᠣᠳ  ᠤᠨ ᠨᠡᠭᠦᠳᠡᠯ ᠮᠠᠯᠵᠢᠯ  ᠤᠨ ᠰᠣᠶᠣᠯ ︾ ᠨᠣᠮ ᠡᠴᠠ ᠠᠪᠣᠪᠠ ︶

ᠠᠷᠢᠬᠢ ᠨᠡᠷᠡᠬᠦ ᠬᠡᠷᠡᠭᠰᠡᠯ ᠄ ᠬᠣᠩᠬᠣᠣ ︵ ᠲᠣᠮᠣ ᠲᠣᠭᠣᠭ᠎ᠠ ︶ ᠂ ᠪᠦᠷᠬᠦᠭᠦᠷ  ︵ ᠴᠣᠷᠭᠣ  ᠲᠠᠢ ᠂ ᠴᠣᠷᠭᠣ ᠦᠭᠡᠢ ︶ ᠂ ᠵᠢᠯᠠᠪᠴᠢ ᠂ ᠲᠣᠰᠣᠭᠣᠷ ᠂ ᠣᠷᠢᠶᠠᠯᠳᠠ ︵ ᠳᠡᠭᠡᠷ᠎ᠡ ᠣᠷᠢᠶᠠᠯᠳᠠ ᠂ ᠳᠣᠣᠷ᠎ᠠ ᠣᠷᠢᠶᠠᠯᠳᠠ ︶ᠵᠡᠷᠭᠡ    ᠃

ᠰᠠᠭᠠᠯᠢ ᠵᠢᠨ ᠠᠷᠢᠬᠢ ᠨᠡᠷᠡᠬᠦ ᠠᠷᠭ᠎ᠠ ᠄

(1) ᠲᠣᠮᠣ ᠲᠣᠭᠣᠭᠠᠨ ᠳᠣᠳᠣᠷ᠎ᠠ ᠠᠶᠢᠷᠠᠭ  ᠢᠶᠡᠷ  ᠬᠢᠨ᠎ᠡ ᠃

(2) ᠲᠣᠭᠣᠭ᠎ᠠ ᠪᠠᠨ ᠤᠭᠰᠠᠷᠠᠨ᠎ᠠ ᠃

(3) ᠠᠭᠣᠷ  ᠢ ᠭᠠᠳᠠᠭᠰᠢ ᠰᠠᠪᠰᠠᠭᠣᠯᠬᠣ ᠦᠭᠡᠢ ᠵᠢᠨ ᠲᠤᠯᠠᠳᠠ ᠵᠢᠯᠠᠪᠴᠢ ᠂ ᠪᠥᠷᠭᠦᠭᠡᠷ  ᠤᠨ ᠠᠮᠰᠠᠷ  ᠢ ᠳᠠᠭᠠᠭᠣᠯᠣᠨ ᠣᠷᠢᠶᠠᠯᠳᠠ  ᠪᠠᠷ ᠣᠷᠢᠶᠠᠵᠣ ᠂ ᠭᠠᠳᠠᠭᠣᠷ  ᠨᠢ ᠨᠠᠷᠢᠨ ᠳᠡᠭᠡᠰᠦ  ᠪᠠᠷ ᠴᠢᠩᠭ᠎ᠠ ᠤᠶᠠᠨ᠎ᠠ ᠃

(4) ᠠᠶᠢᠷᠠᠭ  ᠢᠶᠡᠨ  ᠪᠤᠴᠠᠯᠭᠠᠨ᠎ᠠ ᠃

(5) ᠠᠶᠢᠷᠠᠭ ᠪᠣᠴᠠᠯᠣᠭᠠᠳ ᠨᠡᠯᠢᠶᠡᠳ ᠤᠳᠠᠭᠰᠠᠨ ᠤ ᠳᠠᠷᠠᠭ᠎ᠠ ᠂ ᠵᠢᠯᠠᠪᠴᠢᠨ ᠤ ᠤᠰᠤ ᠪᠠᠨ ᠰᠣᠯᠢᠨ᠎ᠠ ᠃ ᠭᠡᠬᠦ  ᠳᠡᠭᠡᠨ ᠵᠢᠯᠠᠪᠴᠢᠨ ᠤ ᠤᠰᠤ ᠵᠢ ᠬᠡᠲᠤᠷᠬᠡᠢ  ᠬᠠᠯᠠᠭᠠᠬᠣ ᠦᠭᠡᠢ ᠪᠠᠶᠢᠬᠣ ᠵᠢ ᠬᠢᠴᠢᠶᠡᠬᠦ ᠪᠥᠭᠡᠳ ᠬᠡᠲᠤᠷᠬᠡᠢ  ᠣᠯᠠᠨ ᠰᠣᠯᠢᠬᠣ ᠦᠭᠡᠢ ᠂ ᠶᠡᠷᠦᠳᠡᠭᠡᠨ 1-3 ᠤᠳᠠᠭ᠎ᠠ ᠰᠣᠯᠢᠳᠠᠭ ᠃ ᠵᠢᠯᠠᠪᠴᠢᠨ  ᠤ ᠤᠰᠤ ᠵᠢ  ᠬᠡᠲᠤᠷᠬᠡᠢ  ᠣᠯᠠᠨ ᠰᠤᠯᠢᠪᠠᠯ ᠠᠷᠢᠬᠢ ᠰᠤᠯᠠ ᠪᠣᠯᠳᠠᠭ ᠃ ᠵᠢᠯᠠᠪᠴᠢᠨ ᠳᠤ ᠬᠢᠬᠦ ᠤᠰᠤ ᠬᠡᠳᠦᠢ ᠬᠦᠢᠳᠡᠨ ᠪᠣᠯ ᠠᠷᠢᠬᠢ ᠲᠡᠳᠦᠢ ᠴᠢᠩᠭ᠎ᠠ ᠪᠦᠭᠡᠳ ᠶᠡᠭᠡ ᠭᠠᠷᠳᠠᠭ ᠃

(6) ᠲᠤᠰᠬᠠᠢ ᠰᠠᠪᠠᠨ ᠳᠤ ᠠᠷᠢᠬᠢ ᠪᠠᠨ ᠶᠡᠭᠦᠯᠡᠨ᠎ᠡ ᠃ ᠭᠡᠬᠦ  ᠳᠡᠭᠡᠨ ᠰᠠᠪᠠᠨ  ᠤ ᠠᠮᠰᠠᠷ  ᠢ ᠴᠢᠩᠭ᠎ᠠ ᠲᠠᠭᠯᠠᠬᠣ ᠬᠡᠷᠡᠭᠳᠡᠢ ᠃ ᠲᠡᠶᠢᠮᠦ ᠪᠢᠰᠢ ᠪᠣᠯ ᠠᠷᠢᠬᠢᠨ  ᠤ ᠢᠳᠡ ᠬᠦᠴᠦ  ᠨᠢ ᠭᠠᠷᠴᠢᠬᠠᠳᠠᠭ ᠃

ᠨᠡᠷᠡᠭᠰᠡᠨ ᠠᠷᠢᠬᠢᠨ  ᠤ ᠴᠢᠨᠠᠷ  ᠢ ᠰᠢᠯᠭᠠᠬᠣ  ᠳᠤ ᠵᠢᠯᠠᠪᠴᠢ  ᠪᠠᠨ ᠠᠪᠣᠮᠠᠭᠴᠠ ᠲᠣᠰᠣᠭᠣᠷ  ᠲᠠᠢ ᠠᠷᠢᠬᠢᠨ  ᠤ ᠠᠮᠰᠠᠷ  ᠲᠤ ᠨᠣᠴᠣᠭᠠᠭᠰᠠᠨ ᠴᠦᠳᠡᠨᠵᠠ ᠣᠶᠢᠷᠠᠳᠣᠭᠣᠯᠳᠠᠭ ᠃ ᠴᠦᠳᠡᠨᠵᠠ ᠬᠡᠷᠪᠡ ᠰᠠᠶᠢᠨ ᠨᠣᠴᠣᠵᠣ ᠪᠠᠶᠢᠪᠠᠯ ᠠᠷᠢᠬᠢᠨ  ᠤ ᠴᠢᠨᠠᠷ ᠰᠠᠶᠢᠨ ᠭᠡᠳᠡᠭ  ᠢ ᠢᠯᠡᠷᠬᠡᠶᠢᠯᠡᠨ᠎ᠡ ᠃ ᠠᠰᠡᠬᠦᠯ᠎ᠡ ᠭᠠᠷᠤᠭᠰᠠᠨ ᠠᠷᠢᠬᠢ  ᠪᠠᠨ ᠭᠠᠯ  ᠳᠤ  ᠡᠷᠭᠦᠨ ᠂ ᠴᠢᠨᠠᠷ  ᠢ  ᠨᠢ ᠰᠢᠯᠭᠠᠵᠣ ᠪᠣᠯᠳᠠᠭ ᠃

ᠠᠷᠢᠬᠢ ᠨᠡᠷᠡᠭᠰᠡᠨ ᠴᠠᠭ᠎ᠠ ᠪᠠᠨ ᠪᠦᠰ ᠤᠭᠤᠳᠠᠨ ᠳᠤ ᠬᠢᠵᠣ ᠴᠢᠯᠠᠭᠣ ᠪᠤᠶᠤ ᠬᠠᠪᠳᠠᠰᠤ ᠪᠠᠷ ᠳᠠᠷᠣᠨ ᠂ ᠠᠭᠠᠷᠴᠠ ᠭᠠᠷᠭᠠᠨ ᠠᠪᠳᠠᠭ ᠃ ᠠᠷᠢᠬᠢ ᠨᠡᠷᠡᠬᠦ ᠦᠶ᠎ᠡ ᠳᠤ ᠲᠣᠭᠣᠭᠠᠨ ᠤ ᠢᠷᠮᠡᠭ ᠂  ᠪᠦᠷᠬᠦᠭᠦᠷ  ᠤᠨ ᠳᠣᠣᠷᠠᠳᠤ ᠬᠡᠰᠡᠭ ᠲᠤ ᠨᠠᠭᠠᠯᠳᠣᠭᠰᠠᠨ ᠲᠣᠰᠣᠯᠢᠭ ᠢ ︽ ᠡᠭᠡᠷᠡᠮ  ᠂ ᠡᠭᠡᠷᠡᠢ ᠂ ᠡᠭᠡᠷ᠎ᠡ  ᠂ ᠡᠭᠡᠷᠡᠮᠡᠭ ︾ ᠭᠡᠵᠣ ᠨᠣᠳᠣᠭ ᠨᠣᠳᠣᠭ ᠲᠤ ᠠᠳᠠᠯᠢ ᠪᠤᠰᠣ ᠪᠠᠷ ᠨᠡᠷᠡᠯᠡᠳᠡᠭ ᠃  ᠡᠭᠡᠷᠡᠮ  ᠢ ᠬᠣᠰᠣᠵᠣ ᠠᠪᠣᠭᠠᠳ ᠂ ᠰᠢᠭᠣᠳ ᠢᠳᠡᠬᠦ ᠂ ᠰᠦᠨ  ᠳᠤ ᠵᠢᠭᠣᠷᠠᠵᠣ ᠢᠳᠡᠬᠦ ᠂ ᠠᠰᠡᠭᠦᠯ᠎ᠡ ᠴᠠᠢ  ᠶᠢᠨ  ᠬᠢᠴᠡ ᠪᠣᠯᠭᠠᠨ ᠢᠳᠡᠳᠡᠭ ᠃   ᠠᠩᠬ᠎ᠠ ᠨᠡᠷᠡᠭᠰᠡᠨ ᠠᠷᠢᠬᠢ ᠪᠠᠨ ᠠᠶᠢᠷᠠᠭ ᠳᠡᠭᠡᠷ᠎ᠡ ᠪᠠᠨ ᠪᠤᠴᠠᠭᠠᠨ ᠬᠢᠵᠣ ᠳᠠᠬᠢᠨ ᠨᠡᠷᠡᠭᠰᠡᠨ  ᠢ ᠬᠠᠷᠢᠭᠣᠯᠭ᠎ᠠ ︵ ᠬᠠᠷᠢᠭᠣᠯᠣᠭᠰᠠᠨ ᠠᠷᠢᠬᠢ ︶ ᠭᠡᠨ᠎ᠡ ᠃ ᠬᠠᠷᠢᠭᠣᠯᠭ᠎ᠠ ᠵᠢ ᠳᠠᠬᠢᠨ ᠨᠡᠷᠡᠭᠰᠡᠨ ᠢ ᠠᠷᠠᠵᠠ ᠭᠡᠨ᠎ᠡ ᠃ ᠠᠷᠠᠵᠠ ᠵᠢ ᠳᠠᠬᠢᠨ ᠨᠡᠷᠡᠭᠰᠡᠨ  ᠢ ᠬᠤᠷᠠᠵᠠ  ᠂ ᠬᠤᠷᠠᠵᠠ  ᠵᠢ ᠳᠠᠬᠢᠨ ᠨᠡᠷᠡᠭᠰᠡᠨ  ᠢ ᠰᠢᠷᠠᠵᠠ ᠭᠡᠳᠡᠭ ᠃

ᠬᠠᠳᠠᠭᠠᠯᠠᠬᠣ ᠄   ᠰᠠᠭᠠᠯᠢ ᠵᠢᠨ ᠠᠷᠢᠬᠢ ᠵᠢ ᠭᠣᠣᠯᠳᠠᠭᠣ ᠨᠠᠷᠢᠨ ᠠᠮᠰᠠᠷ  ᠲᠠᠢ ᠸᠠᠭᠠᠷ ᠰᠠᠪᠠᠨ ᠳᠤ ᠬᠢᠵᠣ ᠠᠭᠠᠷ  ᠡᠴᠡ ᠲᠤᠰᠬᠠᠭᠠᠷᠯᠠᠨ ᠬᠠᠳᠠᠭᠠᠯᠠᠳᠠᠭ ᠃

ᠰᠠᠭᠠᠯᠢ ᠶᠢᠨ ᠠᠷᠢᠬᠢ

ᠰᠢᠭᠦᠮᠵᠢ