• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠢᠷ᠎ᠠ ᠲᠣᠰᠣ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 42.65 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠭᠠᠯ  ᠳᠤ ᠰᠢᠷᠭᠠᠭᠠᠵᠣ ᠠᠪᠣᠭᠰᠠᠨ ᠰᠢᠷ᠎ᠠ ᠥᠩᠭᠡᠳᠡᠢ ᠲᠣᠰᠣᠯᠢᠭ ᠰᠠᠭᠠᠯᠢ  ᠶᠢ ᠰᠢᠷ᠎ᠠ ᠲᠣᠰᠣ ᠭᠡᠨ᠎ᠡ ᠃

1
ᠰᠢᠷ᠎ᠠ ᠲᠣᠰᠣ ᠶᠢ ᠬᠠᠢᠯᠤᠭᠤᠯᠬᠤ ᠠᠯᠬᠣᠮ ᠳᠠᠷᠠᠭ᠎ᠠ ᠄

ᠣᠯᠠᠩᠬᠢ ᠨᠣᠳᠣᠭ ᠲᠤ ᠲᠤᠰᠬᠠᠢ ᠵᠣᠷᠢᠭᠣᠯᠣᠯᠳᠠ  ᠲᠠᠢ ᠪᠦᠰ ᠤᠭᠤᠳᠠᠨ ︵ ᠵᠠᠷᠢᠮ ᠨᠣᠳᠣᠭ  ᠲᠤ ᠬᠥᠩᠬᠦ ᠂ ᠬᠣᠩᠭᠣᠢ ᠭᠡᠳᠡᠭ ︶  ᠳᠤ ᠴᠤᠭᠯᠠᠭᠣᠯᠣᠭᠰᠠᠨ ᠵᠦᠭᠡᠭᠡᠢ ᠪᠠᠨ ᠲᠣᠮᠣ ᠰᠠᠪᠠᠨ  ᠳᠤ ᠶᠡᠭᠦᠯᠡᠨ ᠂ ᠡᠷᠭᠢᠯᠳᠦᠭᠦᠯᠦᠨ  ᠲᠡᠯᠡᠰᠴᠣ ᠲᠣᠰᠣᠯᠢᠭ ᠵᠦᠢᠯᠡᠰ ᠢ ᠢᠯᠭᠠᠷᠠᠭᠣᠯᠣᠨ ᠠᠪᠳᠠᠭ ᠃ ᠡᠭᠦᠨ  ᠢ ᠪᠠᠨ ᠵᠥᠭᠡᠭᠡᠢ ᠡᠷᠴᠢᠭᠡᠬᠦ  ᠭᠡᠳᠡᠭ ᠃ ᠵᠠᠷᠢᠮ ᠨᠣᠳᠣᠭ ᠲᠤ ᠠᠶᠢᠷᠠᠭ ᠤᠨ ᠬᠥᠷᠥᠩᠭᠡ ᠳᠡᠭᠡᠷ᠎ᠡ ᠲᠦᠭᠦᠭᠡᠢ ᠰᠦ᠋ ᠬᠢᠵᠣ ᠪᠦᠯᠢᠭᠡᠳ ᠂ ᠭᠠᠳᠠᠷᠭᠣ ᠳᠡᠭᠡᠷᠡᠬᠢ ᠬᠥᠪᠪᠥᠭᠰᠡᠨ ᠲᠣᠰᠣ ᠵᠢ ᠭᠠᠷᠭᠠᠵᠣ ᠠᠪᠳᠠᠭ ᠪᠠᠶᠢᠨ᠎ᠠ ᠃ ᠪᠠᠰᠠ ᠵᠠᠷᠢᠮ ᠨᠣᠳᠣᠭ  ᠲᠤ ᠬᠣᠷᠢᠶᠠᠭᠰᠠᠨ ᠥᠷᠥᠮ᠎ᠡ  ᠪᠠᠨ ᠰᠢᠷᠭᠠᠭᠠᠵᠣ ᠂ ᠰᠢᠷ᠎ᠠ ᠲᠣᠰᠣ ᠭᠠᠷᠭᠠᠨ ᠠᠪᠳᠠᠭ ᠃ ᠡᠨᠲᠡ  ᠵᠥᠭᠡᠭᠡᠢ ᠪᠠᠨ ᠡᠷᠴᠢᠭᠡᠵᠤ  ᠰᠢᠷ᠎ᠠ ᠲᠣᠰᠣ ᠢᠯᠭᠠᠷᠠᠭᠣᠯᠣᠨ ᠭᠠᠷᠭᠠᠬᠣ ᠠᠷᠭ᠎ᠠ ᠵᠢᠨ ᠠᠯᠬᠣᠮ ᠳᠠᠷᠠᠭ᠎ᠠ ᠵᠢ ᠲᠠᠨᠢᠯᠴᠠᠭᠣᠯᠣᠨ᠎ᠠ ᠃

(1) ᠴᠤᠭᠯᠠᠭᠣᠯᠣᠭᠰᠠᠨ ᠵᠥᠭᠡᠭᠡᠢ ᠪᠠᠨ ᠡᠷᠴᠢᠭᠡᠨ᠎ᠡ  ᠃ ᠡᠭᠦᠨ  ᠢ ᠵᠠᠷᠢᠮ ᠨᠣᠳᠣᠭ  ᠲᠤ ᠵᠥᠭᠡᠭᠡᠢ ᠨᠣᠬᠣᠬᠣ ᠪᠣᠶᠤ ᠵᠥᠭᠡᠭᠡᠢ ᠤᠨᠠᠭᠠᠬᠣ ᠭᠡᠳᠡᠭ ᠃

(2) ᠡᠷᠴᠢᠭᠡᠭᠰᠡᠨ  ᠵᠥᠭᠡᠭᠡᠢ ᠳᠡᠭᠡᠷ᠎ᠡ ᠵᠣᠬᠢᠬᠣ ᠬᠡᠮᠵᠢᠶᠡᠨ  ᠤ ᠬᠦᠢᠳᠡᠨ ᠤᠰᠤ ᠬᠢᠨ᠎ᠡ ᠃ ᠭᠠᠷᠭᠠᠵᠣ ᠠᠪᠣᠭᠰᠠᠨ ᠲᠣᠰᠣ ᠪᠠᠨ ᠴᠠᠭᠠᠨ ᠲᠣᠰᠣ ᠭᠡᠨ᠎ᠡ ᠂ ᠦᠯᠡᠳᠡᠭᠰᠡᠨ ᠢ  ᠨᠢ ᠰᠢᠩᠭᠡ ᠭᠡᠨ᠎ᠡ ︵ ᠵᠠᠷᠢᠮ ᠨᠣᠳᠣᠭ ᠲᠤ ᠴᠥᠴᠥᠭᠡᠢ ᠵᠢ ᠴᠠᠭᠠᠨ ᠲᠣᠰᠣ ᠭᠡᠳᠡᠭ ︶ ᠃

(3) ᠴᠠᠭᠠᠨ ᠲᠣᠰᠣ ᠪᠠᠨ ᠲᠣᠭᠣᠭᠠᠨ ᠳᠤ ᠬᠢᠨ᠎ᠡ ᠃

(4) ᠠᠷᠭᠠᠯ ᠤᠨ ᠵᠥᠭᠡᠯᠡᠨ ᠭᠠᠯ ᠳᠡᠭᠡᠷ᠎ᠡ ᠬᠠᠶᠢᠯᠣᠨ᠎ᠠ ᠃ ᠰᠢᠷ᠎ᠠ ᠲᠣᠰᠣ ᠵᠢ ᠬᠠᠶᠢᠯᠣᠬᠣ  ᠳᠤ ᠭᠠᠯ  ᠢ ᠵᠣᠬᠢᠴᠠᠭᠣᠯᠬᠣ  ᠨᠢ ᠴᠢᠬᠣᠯᠠ ᠃

(5) ᠪᠣᠴᠠᠯᠣᠬᠣ ᠦᠶ᠎ᠡ ᠳᠤ ᠰᠠᠮᠣᠷᠴᠣ ᠂ ᠲᠣᠭᠣᠭᠠᠨ  ᠤ ᠢᠷᠣᠭᠠᠷ  ᠲᠤ ᠥᠳᠭᠡᠷᠡᠭᠰᠡᠨ ᠬᠡᠰᠡᠭ  ᠢ ᠰᠢᠨᠠᠭ᠎ᠠ  ᠪᠠᠷ ᠬᠥᠳᠡᠯᠭᠡᠨ ᠲᠣᠰᠣᠨ ᠤ ᠢᠯᠭᠠᠷᠠᠯ ᠢ ᠲᠦᠷᠭᠡᠳᠭᠡᠨ᠎ᠡ ᠃

(6) ᠭᠠᠷᠴᠣ ᠪᠠᠶᠢᠭ᠎ᠠ ᠬᠥᠭᠡᠰᠦ  ᠨᠢ ᠵᠠᠮᠬᠠᠷᠠᠭᠰᠠᠨ ᠤ ᠳᠠᠷᠠᠭ᠎ᠠ ᠂ ᠬᠥᠪᠪᠦᠵᠣ ᠪᠠᠶᠢᠭ᠎ᠠ ᠲᠣᠰᠣ ᠵᠢ ᠲᠤᠰᠬᠠᠢ ᠰᠠᠪᠠᠨ  ᠳᠤ ᠠᠭᠣᠳᠠᠯᠣᠨ᠎ᠠ ᠃ ᠡᠭᠦᠨ  ᠳᠤ ᠲᠣᠭᠣᠭᠠᠨ ᠳᠤ ᠲᠣᠨᠣᠵᠣ ᠦᠯᠡᠳᠡᠭᠰᠡᠨ ᠦᠯᠡᠳᠡᠪᠦᠷᠢ ᠵᠢ ᠴᠦᠴᠦᠭᠡᠢ ᠭᠡᠨ᠎ᠡ ︵ ᠵᠠᠷᠢᠮ ᠨᠣᠳᠣᠭ ᠲᠤ ᠴᠥᠪ ᠂ ᠴᠠᠭᠠᠨ ᠲᠣᠰᠣ ᠭᠡᠨ᠎ᠡ ︶ ᠃
2
ᠲᠣᠰᠣ ᠣᠨᠠᠭᠠᠵᠣ ᠪᠠᠶᠢᠭ᠎ᠠ  ᠨᠢ
3
ᠴᠠᠷᠴᠠᠭᠰᠠᠨ ᠲᠣᠰᠣ  ᠶᠢ ᠠᠪᠴᠣ ᠪᠠᠶᠢᠭ᠎ᠠ  ᠨᠢ
4
ᠲᠣᠰᠣ ᠰᠢᠷᠭᠠᠭᠠᠵᠣ ᠪᠠᠶᠢᠭ᠎ᠠ  ᠨᠢ
5
ᠰᠢᠷ᠎ᠠ ᠲᠣᠰᠣ ᠠᠭᠣᠳᠠᠯᠣᠵᠣ ᠪᠠᠶᠢᠭ᠎ᠠ  ᠨᠢ

ᠬᠡᠷᠡᠭᠯᠡᠬᠦ ᠄

(1) ᠴᠠᠶᠢᠨ ᠳᠤ ᠬᠢᠬᠦ ᠃

(2) ᠬᠣᠭᠣᠯᠠᠨ ᠳᠤ ᠬᠢᠬᠦ ︵ ᠪᠣᠳᠠᠭ᠎ᠠ ᠠᠭᠰᠢᠭᠠᠬᠣ ᠂ ᠪᠣᠣᠪᠣ ᠪᠣᠭᠣᠷᠰᠣᠭ ᠬᠠᠭᠠᠷᠢᠬᠣ ︶ ᠃ ᠵᠠᠷᠢᠮ ᠨᠣᠳᠣᠭ ᠲᠤ ᠱᠥᠯᠥ  ᠲᠠᠢ ᠭᠤᠯᠢᠷ ᠤᠨ ᠳᠡᠭᠡᠷ᠎ᠡ ᠰᠢᠷ᠎ᠠ ᠲᠣᠰᠣ ᠬᠢᠵᠣ ︽ ᠲᠣᠬᠣᠯᠠᠢ ︾ ᠂ ︽ ᠲᠣᠭᠣᠯ ᠲᠠᠩ ︾ ᠭᠡᠵᠣ ᠢᠳᠡᠳᠡᠭ ᠃

(3) ᠡᠮᠨᠡᠯᠭᠡ ᠳᠤ ᠬᠡᠷᠡᠭᠯᠡᠬᠦ ᠃

(4) ᠵᠤᠯᠠ ᠪᠠᠷᠢᠬᠣ ᠃

(5) ᠬᠥᠨᠳᠦᠳᠭᠡᠯ ᠳᠤ ᠬᠡᠷᠡᠭᠯᠡᠬᠦ ︵ ᠲᠠᠬᠢᠯᠭ᠎ᠠ  ᠳᠤ ᠬᠡᠷᠡᠭᠯᠡᠬᠦ ᠂ ᠰᠠᠴᠣᠯᠢ ᠡᠷᠭᠦᠭᠦ  ᠳᠤ ᠬᠡᠷᠡᠭᠯᠡᠬᠦ ᠂ ᠪᠥᠬᠦᠯᠢ ᠰᠢᠭᠦᠰᠦ ᠲᠠᠯᠪᠢᠬᠣ  ᠳᠤ ᠬᠡᠷᠡᠭᠯᠡᠬᠦ ᠂ ᠨᠥᠭᠴᠢᠭᠰᠡᠳ  ᠤᠨ ᠶᠠᠪᠣᠳᠠᠯ  ᠳᠤ ᠬᠡᠷᠡᠭᠯᠡᠬᠦ ︶ ᠵᠡᠷᠭᠡ ᠃

ᠬᠠᠳᠠᠭᠠᠯᠠᠬᠣ ᠄

(1) ᠸᠠᠭᠠᠷ ᠰᠠᠪᠠᠨ  ᠳᠤ ᠬᠠᠳᠠᠭᠠᠯᠠᠬᠣ ᠃

(2) ᠬᠣᠨᠢ ᠢᠮᠠᠭᠠᠨ  ᠤ ︵ ᠵᠠᠷᠢᠮ  ᠳᠠᠭᠠᠨ ᠦᠭᠡᠷ  ᠤᠨ ︶ ᠭᠦᠵᠡᠭᠡ ᠂ ᠣᠯᠣᠭᠠᠢ ᠂ ᠲᠠᠪᠣᠰᠠᠩ  ᠳᠤ ᠬᠢᠵᠣ ᠬᠠᠳᠠᠭᠠᠯᠠᠬᠣ ᠃ ᠢᠩᠭᠢᠵᠣ ᠬᠠᠳᠠᠭᠠᠯᠠᠭᠰᠠᠨ ᠰᠢᠷ᠎ᠠ ᠲᠣᠰᠣ  ᠨᠢ ᠬᠡᠳᠦᠨ ᠵᠢᠯ  ᠳᠤ ᠴᠢᠨᠠᠷ  ᠨᠢ ᠬᠤᠪᠢᠷᠠᠳᠠᠭ ᠦᠭᠡᠢ ᠣᠨᠴᠠᠯᠢᠭ  ᠲᠠᠢ ᠶᠤᠮ ᠃
6
ᠬᠣᠨᠢᠨ  ᠤ ᠬᠦᠵᠡᠭᠡᠨ ᠳ᠋ᠥ ᠬᠠᠳᠠᠭᠠᠯᠠᠭᠰᠠᠨ ᠰᠢᠷ᠎ᠠ ᠲᠣᠰᠣ ︵ ᠲᠣᠰ ᠵᠢᠷᠣᠭ  ᠢ ︽ ᠲᠣᠮᠳᠠᠳᠣ ᠣᠯᠣᠰ  ᠤᠨ ᠮᠣᠩᠭᠣᠯᠴᠣᠳ  ᠤᠨ ᠨᠡᠭᠦᠳᠡᠯ ᠮᠠᠯᠵᠢᠯ  ᠤᠨ ᠰᠣᠶᠣᠯ ︾ ᠨᠣᠮ ᠡᠴᠠ ᠠᠪᠣᠪᠠ ︶

ᠰᠢᠷ᠎ᠠ ᠲᠣᠰᠣ

ᠰᠢᠭᠦᠮᠵᠢ

ᠰᠠᠶᠢᠬᠠᠨ

2017-06-26 08:54:41

ᠰᠠᠶᠢᠬᠠᠨ ᠪᠠᠶᠢᠨ᠎ᠠ ! 0