• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠦ᠋
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠴᠠᠭᠠᠨ ᠢᠳᠡᠭᠡᠨ ᠤ ᠲᠤᠬᠠᠢ ᠶᠠᠷᠢᠬᠣ ᠳᠤ ᠂ ᠡᠩ  ᠲᠡᠷᠢᠭᠦᠨ ᠳᠤ ᠴᠠᠭᠠᠨ ᠢᠳᠡᠭᠡᠨ  ᠢ ᠬᠢᠬᠦ ᠡᠬᠡ  ᠮᠲ᠋ᠸᠷᠢᠶᠠᠯ ᠪᠣᠯᠬᠣ ᠰᠦᠨ ᠤ ᠲᠤᠬᠠᠢ ᠲᠠᠶᠢᠯᠪᠣᠷᠢᠯᠠᠬᠣ ᠬᠡᠷᠡᠭᠳᠡᠢ ᠃ ᠴᠠᠭᠠᠨ ᠢᠳᠡᠭᠡᠨ ᠳᠤ ᠭᠣᠣᠯᠳᠠᠭᠣ ᠲᠠᠪᠣᠨ ᠬᠣᠰᠢᠭᠣ ᠮᠠᠯ ᠤᠨ ᠰᠦ᠋ ᠵᠢ ᠠᠰᠢᠭᠯᠠᠳᠠᠭ ᠃

1. ᠲᠠᠪᠣᠨ ᠬᠣᠰᠢᠭᠣ ᠮᠠᠯ ᠤᠨ ᠰᠦ᠋ ᠄ ᠦᠨᠢᠶᠡᠨ  ᠤ ᠰᠦ᠋ ᠂ ᠬᠣᠨᠢᠨ  ᠤ ᠰᠦ᠋ ᠂ ᠢᠮᠠᠭᠠᠨ ᠤ ᠰᠦ᠋ ᠂ ᠭᠡᠭᠦᠨ  ᠤ ᠰᠦ᠋ ᠂ ᠢᠩᠭᠡᠨ  ᠤ ᠰᠦ᠋       ᠡᠭᠦᠨ  ᠳᠤ ᠣᠷᠣᠨ ᠨᠣᠳᠣᠭ ᠤᠨ ᠣᠨᠴᠠᠯᠢᠭ  ᠡᠴᠡ ᠪᠣᠯᠵᠣ ᠂ ᠭᠣᠪᠢ ᠵᠢᠨ  ᠬᠢᠨ ᠢᠩᠭᠡᠨ  ᠤ ᠰᠦ᠋ ᠪᠣᠯᠣᠨ ᠢᠮᠠᠭᠠᠨ ᠤ ᠰᠦ᠋ ᠵᠢ ᠢᠯᠡᠬᠦᠦ ᠠᠰᠢᠭᠯᠠᠵᠣ ᠂ ᠲᠠᠯ᠎ᠠ ᠵᠢᠨ ᠮᠠᠯᠴᠢᠳ ᠬᠣᠨᠢ ᠂ ᠭᠡᠭᠦᠦ ᠂ ᠦᠨᠢᠶᠡᠨ ᠤ ᠰᠦ᠋ ᠵᠢ ᠢᠯᠡᠬᠦᠦ ᠠᠰᠢᠭᠯᠠᠳᠠᠭ ᠪᠠᠶᠢᠨ᠎ᠠ ᠃ ᠲᠠᠪᠣᠨ ᠬᠣᠰᠢᠭᠣ ᠮᠠᠯ  ᠤᠨ ᠰᠦᠨ  ᠤ ᠣᠨᠴᠠᠯᠢᠭ ᠪᠣᠯᠣᠨ ᠬᠡᠷᠡᠭᠴᠡᠭᠡ  ᠨᠢ ᠬᠠᠷᠢᠯᠴᠠᠨ ᠠᠳᠠᠯᠢ ᠪᠣᠰᠣ ᠪᠠᠶᠢᠳᠠᠭ ᠃ ᠭᠡᠭᠦᠨ  ᠤ ᠰᠦ᠋ ᠵᠢ ᠭᠣᠣᠯᠳᠠᠭᠣ ᠴᠡᠭᠡ ᠢᠰᠭᠡᠭᠦ  ᠳᠤ ᠬᠡᠷᠡᠭᠯᠡᠵᠣ ᠂ ᠬᠣᠨᠢ ᠂ ᠢᠮᠠᠭ᠎ᠠ ᠂ ᠢᠩᠭᠡ ᠂ ᠦᠨᠢᠶᠡᠨ  ᠤ ᠰᠦ᠋ ᠪᠠᠷ ᠣᠯᠠᠨ ᠲᠥᠷᠥᠯ  ᠤᠨ ᠢᠳᠡᠭᠡᠨ ᠪᠣᠯᠪᠠᠰᠤᠷᠠᠭᠤᠯᠲᠠᠭ ᠶᠤᠮ ᠃

1

 1. ᠰᠦᠨ ᠤ ᠲᠥᠷᠥᠯ ᠵᠦᠢᠯ ᠄ ᠣᠭᠣᠷᠠᠭ ᠰᠦ᠋ ᠂ ᠲᠦᠭᠦᠭᠡᠢ ᠰᠦ᠋ ᠂ ᠪᠣᠯᠣᠭᠰᠠᠨ ᠰᠦ᠋ ᠂ ᠡᠭᠡᠳᠡᠭᠰᠡᠨ  ᠰᠦ᠋ ᠵᠡᠷᠭᠡ ᠃       2.1 ᠤᠭᠤᠷᠠᠭ ︱ ᠡᠬᠡ  ᠮᠠᠯ ᠲᠥᠯᠯᠡᠭᠰᠡᠨ ᠤ ᠳᠠᠷᠠᠭ᠎ᠠ ᠡᠬᠢᠨ  ᠤ ᠬᠡᠳᠦᠨ ᠡᠳᠦᠷ  ᠲᠤ ᠭᠠᠷᠳᠠᠭ ᠥᠳᠭᠡᠨ ᠰᠦ᠋ ᠵᠢ ᠬᠡᠯᠡᠳᠡᠭ ᠃ ᠮᠣᠩᠭᠣᠯᠴᠣᠳ ᠠᠳᠣᠭᠣᠨ  ᠡᠴᠡ ᠪᠤᠰᠣᠳ ᠮᠠᠯ  ᠤᠨ ᠤᠭᠤᠷᠠᠭ  ᠢ ᠴᠥᠮ ᠠᠰᠢᠭᠯᠠᠳᠠᠭ ᠤᠯᠠᠮᠵᠢᠯᠠᠯ  ᠲᠠᠢ ᠃     ᠬᠡᠷᠡᠭᠯᠡᠬᠦ ᠄     (1) ᠣᠭᠣᠷᠠᠭ ᠢ ᠴᠢᠨᠠᠬᠣ ᠪᠣᠶᠣ ᠪᠣᠴᠠᠯᠣᠭᠰᠠᠨ ᠣᠰᠣᠨ ᠤ ᠠᠭᠤᠷ  ᠢᠶᠡᠷ  ᠪᠣᠯᠭᠣᠵᠣ ᠢᠳᠡᠬᠦ  ᠨᠢ ᠣᠯᠠᠨ ᠪᠠᠶᠢᠳᠠᠭ ᠃     (2) ᠤᠭᠤᠷᠠᠭ  ᠤᠨ ᠡᠭᠡᠵᠡᠭᠡᠢ  ᠂ ᠠᠭᠠᠷᠣᠣᠯ ᠂ ᠪᠢᠰᠢᠯᠠᠭ ᠬᠢᠭᠦ ᠭᠡᠬᠦ ᠮᠡᠳᠦ ᠃       2.2 ᠲᠦᠭᠦᠭᠡᠢ ᠰᠦ᠋ ︱ ᠣᠭᠣᠷᠠᠭ ᠰᠦ᠋ ᠰᠠᠭᠠᠭᠳᠠᠵᠣ ᠪᠠᠷᠠᠭᠰᠠᠨ ᠤ ᠳᠠᠷᠠᠭᠠᠬᠢ ᠰᠠᠭᠠᠮ᠎ᠠ ᠵᠢ ᠲᠦᠭᠦᠭᠡᠢ ᠰᠦ᠋ ᠭᠡᠨ᠎ᠡ᠃     ᠬᠡᠷᠡᠭᠯᠡᠬᠦ ᠄     (1) ᠳᠡᠭᠡᠵᠢ  ᠲᠠᠢ ᠰᠦ᠋ ᠪᠠᠷ ᠰᠠᠴᠤᠯᠢ ᠡᠷᠭᠦᠳᠡᠭ  ᠃     (2) ᠴᠠᠢ ᠰᠦᠯᠡᠳᠡᠭ ᠃     (3) ᠡᠮ ᠤᠤᠭᠣᠬᠣ ᠳᠤ ᠬᠡᠷᠡᠭᠯᠡᠳᠡᠭ ᠃     (4) ᠬᠢᠷᠡᠮ᠎ᠠ ᠪᠣᠴᠠᠯᠭᠠᠬᠣ ᠃ ᠰᠦᠨ ᠳᠣᠲᠣᠷ᠎ᠠ ᠪᠠᠭ᠎ᠠ ᠬᠡᠮᠵᠢᠶᠡᠨ ᠤ ᠤᠰᠣ ᠬᠢᠵᠣ ᠂ ᠳᠡᠭᠡᠷ᠎ᠡ  ᠨᠢ ᠪᠣᠷᠠᠮ ᠂ ᠰᠢᠷ᠎ᠠ ᠲᠣᠰᠣ ᠨᠡᠮᠡᠭᠡᠳ ᠰᠠᠮᠣᠷᠴᠣ ᠪᠣᠴᠠᠯᠭᠠᠬᠣ ᠵᠢ ᠬᠢᠷᠠᠮ᠎ᠠ ᠭᠡᠳᠡᠭ ᠃     (5) ᠪᠦᠯᠢᠶᠡᠰᠭᠡᠵᠣ ᠨᠢᠯᠬ᠎ᠠ ᠲᠥᠯ ᠢ ᠤᠭᠵᠢᠬᠣ ᠭᠡᠬᠦ ᠮᠡᠳᠦ ᠃       2.3 ᠪᠣᠯᠣᠭᠰᠠᠨ ᠰᠦ᠋ ︱ ᠪᠣᠴᠠᠯᠭᠠᠵᠣ ᠬᠥᠭᠡᠷᠦᠭᠦᠯᠦᠭᠰᠡᠨ ᠰᠦ᠋ ᠵᠢ ᠬᠡᠯᠡᠳᠡᠭ ᠃     ᠬᠡᠷᠡᠭᠯᠡᠬᠦ ᠄     (1) ᠤᠤᠭᠤᠬᠣ ᠃     (2) ᠴᠠᠢ ᠰᠦᠯᠡᠬᠦ ᠃     (3) ᠥᠷᠥᠮ᠎ᠡ ᠬᠦᠭᠡᠷᠦᠭᠦᠯᠬᠦ ᠵᠡᠷᠭᠡ ᠃       2.4 ᠡᠭᠡᠳᠡᠭᠰᠡᠨ  ᠰᠦ᠋ ︱ ᠲᠠᠯᠪᠢᠭᠰᠠᠨ ᠰᠦᠨ  ᠤ ᠳᠡᠭᠡᠷᠡᠬᠢ ᠵᠥᠭᠡᠭᠡᠢ ᠪᠠ ᠰᠢᠩᠭᠡ ︵ ᠰᠢᠩᠭᠡᠨ ᠵᠥᠭᠡᠭᠡᠢ ︶ ᠵᠢ ᠢᠯᠭᠠᠨ ᠠᠪᠣᠭᠰᠠᠨ  ᠤ ᠳᠠᠷᠠᠭ᠎ᠠ ᠦᠯᠡᠳᠡᠭᠰᠡᠨ ᠥᠳᠭᠡᠨ ᠬᠦᠨ ᠳᠠᠪᠬᠣᠷᠭ᠎ᠠ ᠵᠢ ᠡᠭᠡᠳᠡᠭᠰᠡᠨ  ᠰᠦ᠋ ᠭᠡᠨ᠎ᠡ ᠃ ᠲᠠᠯᠪᠢᠭᠰᠠᠨ ᠰᠦᠨ  ᠤ ᠶᠡᠬᠡᠩᠬᠢ ᠬᠤᠪᠢ ᠵᠢ ᠡᠭᠡᠳᠡᠭᠰᠡᠨ  ᠰᠦ᠋ ᠡᠵᠡᠯᠡᠳᠡᠭ ᠃     ᠬᠡᠷᠡᠭᠯᠡᠬᠦ ᠄     ᠡᠭᠡᠳᠡᠭᠰᠡᠨ  ᠰᠦ᠋ ᠵᠢ ᠰᠢᠭᠣᠳ ᠢᠳᠡᠭᠡᠨ ᠤᠮᠳᠠᠭᠠᠨ  ᠳᠤ ᠬᠡᠷᠡᠭᠯᠡᠵᠣ ᠪᠣᠯᠳᠠᠭ ᠪᠣᠯᠪᠠᠴᠣ ᠭᠣᠣᠯᠳᠠᠭᠣ ᠣᠯᠠᠨ ᠲᠥᠷᠥᠯ  ᠤᠨ ᠴᠠᠭᠠᠨ ᠢᠳᠡᠭᠡᠨ ᠬᠢᠬᠦ ᠡᠬᠡ  ᠪᠦᠳᠦᠭᠡᠭᠳᠡᠭᠦᠨ ᠪᠣᠯᠭᠠᠨ ᠬᠡᠷᠡᠭᠯᠡᠳᠡᠭ ᠃       2.5 ᠰᠦ᠋ ᠵᠢ ᠬᠠᠳᠠᠭᠠᠯᠠᠬᠣ ᠠᠷᠭ᠎ᠠ ᠄ ᠪᠤᠴᠠᠯᠭᠠᠨ ᠰᠢᠷᠬᠢᠭᠡᠵᠣ ᠬᠠᠳᠠᠭᠠᠯᠠᠬᠣ ᠂ ᠬᠥᠯᠳᠡᠭᠡᠨ ᠬᠠᠳᠠᠭᠠᠯᠠᠬᠣ ᠂ ᠬᠠᠳᠠᠭᠠᠮᠠᠯ  ᠢᠶᠡᠷ  ᠬᠠᠳᠠᠭᠠᠯᠠᠬᠣ ︵ ᠬᠠᠨᠳᠠ ᠪᠣᠯᠭᠠᠬᠣ ︶
ᠰᠢᠭᠦᠮᠵᠢ