• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠦᠨ ᠬᠣᠷᠣᠳ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 45.44 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠰᠦᠨ ᠬᠣᠷᠣᠳ  ᠲᠤ ᠬᠡᠪ  ᠤᠨ ᠬᠣᠷᠣᠳ ᠂ ᠳᠠᠪᠳᠠᠮᠠᠯ ᠬᠣᠷᠣᠳ ᠂ ᠭᠡᠷᠴᠢᠮᠡᠯ ᠬᠣᠷᠣᠳ ᠂ ᠴᠢᠩᠭᠠᠮᠠᠯ ︵ ᠤᠨᠵᠢᠯᠳᠣᠭᠰᠠᠨ︶ ᠬᠣᠷᠣᠳ ᠂ ᠰᠢᠯᠣᠨ ᠬᠣᠷᠣᠳ ᠵᠡᠷᠭᠡ ᠣᠯᠠᠨ ᠵᠦᠢᠯ ᠪᠠᠶᠢᠳᠠᠭ ᠃ ᠡᠳᠡᠭᠡᠷ  ᠢ ᠬᠢᠬᠦ ᠠᠷᠭ᠎ᠠ  ᠨᠢ ᠪᠠᠭ᠎ᠠ ᠰᠠᠭ᠎ᠠ ᠵᠥᠷᠢᠶ᠎ᠡ  ᠲᠠᠢ ᠪᠣᠯᠪᠠᠴᠤ ᠂ ᠴᠥᠮ ᠡᠭᠡᠳᠡᠭᠰᠡᠨ ᠰᠦ᠋ ᠪᠠᠷ ᠬᠢᠳᠡᠭ ᠢᠵᠢᠯ ᠲᠠᠯ᠎ᠠ  ᠲᠠᠢ ᠃

1
ᠳᠣᠣᠷ᠎ᠠ ᠬᠡᠪ  ᠤᠨ ᠬᠣᠷᠣᠳ  ᠢ ᠬᠢᠬᠦ ᠠᠷᠭ᠎ᠠ ᠪᠠᠷ ᠵᠢᠱᠢᠶ᠎ᠡ ᠪᠣᠯᠭᠠᠶ᠎ᠠ ᠃       (1) ᠡᠭᠡᠳᠡᠭᠰᠡᠨ ᠰᠦ᠋ ᠪᠠᠨ ᠲᠣᠭᠣᠭᠠᠨ ᠳᠤ ᠬᠢᠨ᠎ᠡ ᠃   (2) ᠵᠥᠭᠡᠯᠡᠨ ᠭᠠᠯ ᠳᠡᠭᠡᠷ᠎ᠡ ᠬᠥᠰᠢᠭᠡᠵᠣ ᠡᠭᠡᠳᠡᠮᠰᠢᠭᠦᠯᠦᠨ᠎ᠡ ᠃   (3) ᠡᠭᠡᠳᠡᠮ ᠪᠣᠯᠣᠨ ᠰᠢᠷ᠎ᠠ ᠰᠢᠭᠦᠰᠦ  ᠨᠢ ᠢᠯᠭᠠᠷᠠᠬᠣ ᠦᠶᠡᠰ ᠰᠢᠷ᠎ᠠ ᠰᠢᠭᠦᠰᠦ ︵ ᠰᠢᠷᠠᠰᠣ ︶ ᠶᠢ  ᠨᠢ ᠢᠯᠭᠠᠨ ᠠᠪᠣᠨ᠎ᠠ ᠃ ᠰᠢᠷᠠᠰᠦ  ᠶᠢ ᠡᠭᠡᠳᠡᠮᠡᠭ ᠬᠢᠬᠦ ᠂ ᠰᠠᠭᠠᠯᠢ  ᠶᠢᠨ ᠠᠷᠢᠬᠢ ᠨᠡᠷᠡᠬᠦ ᠂ ᠭᠤᠯᠢᠷ ᠵᠢᠭᠣᠷᠠᠬᠣ ᠂ ᠡᠮᠨᠡᠯᠭᠡ  ᠳᠤ ᠠᠰᠢᠭᠯᠠᠬᠣ ᠂ ᠮᠠᠯ  ᠤᠨ ᠰᠢᠷᠬ᠎ᠠ  ᠶᠢ ᠠᠨᠠᠭᠠᠬᠣ ᠵᠡᠷᠭᠡ ᠪᠠᠷ ᠬᠡᠷᠡᠭᠯᠡᠳᠡᠭ ᠃   (4) ᠰᠢᠷ᠎ᠠ ᠰᠢᠭᠦᠰᠦ  ᠨᠢ ᠪᠠᠷᠠᠭᠳᠠᠵᠣ ᠴᠠᠭᠠᠪᠳᠣᠷ ᠰᠢᠭᠦᠰᠦ  ᠲᠠᠢ ᠪᠣᠯᠬᠣ ᠦᠶ᠎ᠡ ᠪᠠᠷ ᠡᠭᠡᠳᠡᠮ ᠢᠶᠠᠨ ᠨᠤᠬᠣᠨ᠎ᠠ ᠃ ᠡᠭᠦᠨ ᠳᠤ ᠴᠠᠭᠠᠪᠳᠣᠷ ᠰᠢᠭᠦᠰᠦ ᠶᠢ  ᠨᠢ ᠡᠭᠡᠳᠡᠮ ᠳ᠋ᠣᠨᠢ ᠰᠢᠩᠭᠡᠳᠡᠯ᠎ᠡ ᠰᠠᠶᠢᠳᠣᠷ ᠨᠣᠬᠣᠨ ᠡᠭᠰᠢᠭᠦᠯᠦᠨ᠎ᠡ ᠃   (5) ᠡᠭᠡᠳᠡᠮ  ᠢ ᠰᠢᠨᠠᠭ᠎ᠠ ᠪᠠᠷ ᠳᠡᠭᠡᠭᠰᠢ ᠰᠠᠮᠣᠷᠠᠬᠣ  ᠳᠤ ᠵᠣᠩᠭᠠᠷᠠᠯᠳᠣᠨ ᠰᠠᠯᠬᠣ ᠦᠭᠡᠢ ᠪᠣᠯᠳᠠᠯ᠎ᠠ ᠨᠣᠬᠣᠭᠰᠠᠨ  ᠤ ᠳᠠᠷᠠᠭ᠎ᠠ ᠬᠡᠪ ︵ ᠭᠣᠣᠯᠳᠠᠭᠣ ᠮᠣᠳᠣᠨ ᠬᠡᠪ ︶  ᠲᠤ ᠬᠢᠨ᠎ᠡ ᠃ ᠵᠠᠷᠢᠮ ᠦᠶ᠎ᠡ ᠳᠤ ᠡᠯᠡᠰᠦᠨ ᠰᠢᠬᠢᠷ ᠂ ᠪᠤᠷᠠᠮ ᠵᠡᠷᠭᠡ ᠠᠮᠳᠠᠳᠠᠨ  ᠢ ᠬᠢᠵᠣ ᠨᠣᠬᠣᠳᠠᠭ ᠃ ᠡᠯᠡᠰᠦᠨ ᠰᠢᠬᠢᠷ ᠬᠢᠭᠰᠡᠨ ᠬᠣᠷᠣᠳ  ᠨᠢ ᠬᠠᠳᠠᠭᠰᠠᠨ  ᠤ ᠳᠠᠷᠠᠭ᠎ᠠ ᠲᠣᠩ ᠴᠠᠭᠠᠨ ᠥᠩᠭᠡ ᠲᠠᠢᠪᠣᠯᠳᠠᠭ ᠃   (6) ᠬᠠᠳᠠᠭᠠᠬᠣ ᠃ ᠬᠡᠪ  ᠤᠨ ᠬᠣᠷᠣᠳ  ᠢ ᠬᠡᠷᠡᠭᠯᠡᠬᠦ ᠄   (1) ᠬᠠᠯᠠᠭᠣᠨ ᠢᠶᠠᠷ  ᠨᠢ ᠢᠳᠡᠬᠦ ᠃   (2) ᠡᠪᠡᠷᠡᠵᠣ ᠬᠠᠳᠠᠭᠰᠠᠨ  ᠤ ᠳᠠᠷᠠᠭ᠎ᠠ ᠵᠦᠰᠦᠵᠣ ᠴᠠᠶᠢᠨ ᠳᠤ ᠬᠢᠵᠣ ᠢᠳᠡᠬᠦ ᠃ ᠶᠡᠭᠡ ᠬᠠᠳᠠᠭᠰᠠᠨ ᠬᠣᠷᠣᠳ  ᠢ ᠵᠢᠩᠨᠡᠭᠦᠷ  ᠲᠤ ᠬᠢᠵᠣ ᠂ ᠠᠭᠣᠷ  ᠢᠶᠠᠷ ᠵᠢᠩᠨᠡᠭᠡᠳ ᠭᠠᠷᠭᠠᠬᠣ  ᠳᠤ ᠵᠥᠭᠡᠯᠡᠨ ᠪᠣᠯᠳᠠᠭ ᠃   (3) ᠲᠠᠪᠠᠭ  ᠲᠠᠢ ᠢᠳᠡᠭᠡᠨ ᠵᠠᠰᠠᠬᠣ ᠃   (4) ᠬᠥᠨᠳᠦᠳᠭᠡᠯ  ᠤᠨ ᠪᠡᠯᠡᠭ  ᠲᠤ ᠬᠡᠷᠡᠭᠯᠡᠬᠦ ᠵᠡᠷᠭᠡ ᠃
2
ᠬᠡᠪ  ᠤᠨ ᠬᠣᠷᠣᠳ  ᠢ ᠬᠠᠳᠠᠭᠠᠯᠠᠬᠣ ᠄       ᠭᠦᠢᠴᠡᠳ ᠬᠠᠳᠠᠭᠰᠠᠨ ᠤ ᠳᠠᠷᠠᠭ᠎ᠠ ᠬᠠᠭᠣᠷᠠᠢ ᠣᠷᠴᠢᠨ  ᠳᠤ ᠲᠠᠯᠪᠢᠵᠣ ᠬᠠᠳᠠᠭᠠᠯᠠᠨ᠎ᠠ ᠃ ᠵᠠᠷᠢᠮ ᠲᠣᠬᠢᠶᠠᠯᠳᠣᠯ  ᠳᠤ ᠬᠥᠯᠳᠡᠭᠡᠵᠣ ᠬᠠᠳᠠᠭᠠᠯᠠᠳᠠᠭ ᠃
3
ᠬᠡᠪ  ᠤᠨ ᠬᠣᠷᠣᠳ

[video width="720" height="576" mp4="http://nmgmwzystorage.nmgov.edu.cn/source/2016/11/03.mp4"][/video]

 

ᠰᠦᠨ ᠬᠣᠷᠣᠳ

ᠰᠢᠭᠦᠮᠵᠢ