• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠲᠠᠷᠠᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠪᠣᠯᠣᠭᠰᠠᠨ ᠰᠦ᠋ ᠵᠢ ᠪᠦᠯᠢᠶᠡᠰᠭᠡᠵᠣ ᠳᠡᠭᠡᠷ᠎ᠡ  ᠨᠢ ᠬᠥᠷᠥᠩᠭᠡ ᠬᠣᠯᠢᠵᠣ ᠂ ᠪᠦᠷᠢᠵᠣ ᠬᠢᠭᠰᠡᠨ ᠤᠮᠳᠠᠭᠠᠨ ᠢ ᠲᠠᠷᠠᠭ ᠭᠡᠳᠡᠭ ᠃ ᠲᠠᠷᠠᠭ ᠢ ᠭᠣᠣᠯᠳᠠᠭᠣ ᠬᠠᠪᠣᠷ ᠤᠨ ᠰᠡᠭᠦᠯᠴᠢ ᠪᠠᠷ ᠪᠦᠷᠢᠳᠡᠭ ᠃ ᠲᠠᠷᠠᠭ ᠢ ᠡᠯᠢᠭᠡᠨ  ᠲᠠᠷᠠᠭ ᠂ ᠰᠢᠩᠭᠡᠨ ᠲ᠋ᠠᠷᠠᠭ ᠭᠡᠵᠣ ᠬᠣᠶᠠᠷ ᠬᠣᠪᠢᠶᠠᠨ᠎ᠠ ᠃ ᠪᠦᠷᠢᠵᠣ ᠲᠠᠯᠪᠢᠭᠠᠳ ᠬᠣᠳᠬᠣᠬᠣ ᠦᠭᠡᠢ ᠢᠰᠭᠡᠭᠰᠡᠨ ᠥᠳᠭᠡᠨ ᠲᠠᠷᠠᠭ ᠢ ᠡᠯᠢᠭᠡᠨ  ᠲ᠋ᠠᠷᠠᠭ ᠭᠡᠵᠣ ᠂ ᠪᠦᠷᠢᠭᠰᠡᠨ ᠤ ᠳᠠᠷᠠᠭ᠎ᠠ ᠳᠠᠬᠢᠨ ᠳᠠᠬᠢᠨ ᠬᠣᠣᠬᠤᠵᠤ ᠢᠰᠭᠡᠭᠰᠡᠨ ᠳᠠᠷᠠᠭ ᠢ ᠰᠢᠩᠭᠡᠨ ᠲᠠᠷᠠᠭ ᠭᠡᠨ᠎ᠡ ᠃

1
ᠬᠢᠬᠦ ᠠᠯᠬᠣᠮ ᠳᠠᠷᠠᠭ᠎ᠠ ᠄

1. ᠬᠥᠷᠥᠩᠭᠡ ᠪᠡᠯᠡᠳᠭᠡᠬᠦ ᠄ ᠠᠶᠢᠷᠠᠭ  ᠢᠶᠡᠷ  ᠬᠥᠷᠥᠩᠭᠡᠯᠡᠵᠣ ᠢᠰᠭᠡᠬᠦ ᠂ ᠬᠠᠳᠠᠭᠠᠭᠰᠠᠨ ᠲᠠᠷᠠᠭ ᠤᠨ ᠬᠥᠷᠥᠩᠭᠡ ᠪᠠᠷ ᠢᠰᠭᠡᠬᠦ ᠂ ᠨᠦᠳᠦᠵᠣ ᠨᠣᠨᠳᠠᠭᠯᠠᠭᠰᠠᠨ ᠠᠭᠠᠷᠣᠣᠯ ᠬᠣᠷᠣᠳ ᠪᠤᠶᠤ ᠴᠠᠢ  ᠶᠢᠨ  ᠠᠭᠠᠭ  ᠢᠶᠡᠷ  ᠬᠥᠷᠥᠩᠭᠡᠯᠡᠬᠦ ᠭᠡᠬᠦ ᠮᠡᠳᠦ ᠃

2. ᠪᠣᠯᠣᠭᠰᠠᠨ ᠰᠦ᠋ ᠪᠠᠨ ᠪᠦᠯᠢᠶᠡᠰᠭᠡᠵᠣ ᠳᠡᠭᠡᠷ᠎ᠡ  ᠨᠢ ᠬᠥᠷᠥᠩᠭᠡ ᠪᠠᠨ ᠬᠢᠬᠦ ᠃

3. ᠰᠠᠶᠢᠳᠣᠷ ᠬᠣᠳᠬᠣᠨ᠎ᠠ ᠃

4. ᠲᠤᠰᠬᠠᠢ ᠸᠠᠭᠠᠷ ᠰᠠᠪᠠᠨ ᠳᠤ ᠠᠭᠣᠳᠠᠯᠣᠨ ᠶᠠᠭᠣᠮ᠎ᠠ ᠪᠠᠷ ᠬᠣᠴᠢᠵᠣ ᠪᠦᠷᠢᠨ᠎ᠡ ᠃ ᠡᠭᠦᠨ   ᠳᠤ ᠰᠢᠩᠭᠡᠨ ᠲᠠᠷᠠᠭ  ᠢ ᠪᠦᠷᠢᠬᠦ  ᠳᠤ ᠦᠷᠭᠦᠯᠵᠢ ᠬᠣᠳᠬᠣᠨ ᠰᠦ᠋ ᠨᠡᠮᠡᠵᠣ ᠂ ᠢᠰᠭᠦᠯᠡᠩ ᠪᠠᠶᠢᠬᠣ ᠵᠢ ᠪᠠᠳᠣᠯᠠᠨ᠎ᠠ ᠃

ᠬᠡᠷᠡᠭᠯᠡᠬᠦ ᠄

1. ᠤᠤᠭᠤᠬᠤ ᠃ ᠪᠣᠯᠣᠭᠰᠠᠨ ᠰᠦ᠋ ᠨᠡᠮᠡᠵᠣ ᠬᠣᠭᠣᠷᠮᠠᠭ ᠪᠣᠯᠭᠠᠨ ᠤᠤᠭᠤᠬᠤ ᠃ ᠮᠢᠬ᠎ᠠ ᠢᠳᠡᠭᠰᠡᠨ ᠤ ᠳᠠᠷᠠᠭ᠎ᠠ ᠲᠠᠷᠠᠭ ᠤᠤᠭᠤᠪᠠᠯ ᠥᠭᠡᠭᠦᠨ ᠤ ᠵᠠᠳᠠᠷᠠᠯᠳᠠ ᠵᠢ ᠲᠦᠷᠭᠡᠳᠭᠡᠵᠣ ᠂ ᠰᠢᠩᠭᠡᠭᠡᠯᠳᠡ ᠳᠤ ᠲᠤᠰᠠᠯᠠᠳᠠᠭ ᠃        2. ᠵᠠᠷᠢᠮ ᠨᠣᠳᠣᠭ ᠲᠤ ᠲᠠᠷᠠᠭ ᠢ ᠪᠤᠴᠠᠯᠭᠠᠨ ᠵᠥᠭᠡᠯᠡᠨ ᠠᠭᠠᠷᠣᠣᠯ ᠬᠢᠳᠡᠭ ᠃

ᠬᠠᠳᠠᠭᠠᠯᠠᠬᠣ ᠄   ᠪᠠᠭ᠎ᠠ ᠬᠡᠮᠵᠢᠶᠡᠨ ᠤ ᠲᠠᠷᠠᠭ ᠢ ᠬᠠᠳᠠᠭᠠᠯᠠᠵᠣ ᠂ ᠠᠶᠢᠷᠠᠭ  ᠤᠨ ᠬᠥᠷᠥᠩᠭᠡ ᠪᠣᠯᠭᠠᠬᠣ ᠳᠤ ᠠᠰᠢᠭᠯᠠᠳᠠᠭ ᠃ ᠬᠥᠯᠳᠡᠭᠡᠨ ᠬᠠᠳᠠᠭᠠᠯᠠᠵᠣ ᠡᠪᠦᠯ ᠬᠠᠪᠣᠷ ᠬᠡᠷᠡᠭᠯᠡᠵᠣ ᠪᠣᠯᠳᠠᠭ ᠃ ᠡᠭᠦᠨ   ᠡᠴᠡ ᠭᠠᠳᠠᠨ᠎ᠠ ᠂ ᠵᠠᠷᠢᠮ ᠨᠣᠳᠣᠭ  ᠲᠤ ᠲᠣᠭᠣᠭ᠎ᠠ ᠨᠡᠷᠡᠬᠦ ᠪᠠᠨ ᠵᠣᠭᠰᠣᠬᠣ ᠦᠶ᠎ᠡ ᠪᠠᠷ ᠠᠶᠢᠷᠠᠭ  ᠡᠴᠡ ᠪᠠᠨ ᠪᠠᠭ᠎ᠠ ᠪᠠᠭ᠎ᠠ ᠪᠠᠷ ᠠᠪᠴᠤ ᠂ ᠵᠠᠳᠠᠭᠠᠢ ᠰᠠᠪᠠᠨ  ᠳᠤ ᠨᠠᠭᠠᠯᠳᠣᠭᠣᠯᠣᠨ ᠂ ᠲᠠᠯᠬ᠎ᠠ ᠪᠣᠯᠭᠠᠨ ᠬᠠᠳᠠᠭᠠᠯᠠᠵᠣ ᠂ ᠢᠷᠡᠬᠦ ᠵᠢᠯ  ᠨᠢ ᠬᠥᠷᠥᠩᠭᠡ ᠪᠣᠯᠭᠠᠨ ᠬᠡᠷᠡᠭᠯᠡᠬᠦ ᠪᠠᠷ ᠦᠯᠡᠳᠡᠭᠡᠳᠡᠭ ᠵᠠᠩᠰᠢᠯ ᠪᠤᠢ ᠃

ᠰᠢᠭᠦᠮᠵᠢ