• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠴᠠᠭ᠎ᠠ ᠪᠠ ᠠᠭᠠᠷᠴᠠᠨ ᠬᠣᠷᠣᠳ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-09
 • ᠄   1
 • ᠄   0
 • ᠄   0
 • ᠄  0

ᠴᠠᠭ᠎ᠠ

ᠠᠶᠢᠷᠠᠭ  ᠢ ᠪᠤᠴᠠᠯᠭᠠᠵᠣ ᠂ ᠠᠷᠢᠬᠢ ᠨᠡᠷᠡᠭᠰᠡᠨ  ᠤ ᠳᠠᠷᠠᠭ᠎ᠠ ᠦᠯᠡᠳᠡᠭᠰᠡᠨ ᠰᠢᠩᠭᠡᠨ  ᠢ ᠴᠠᠭ᠎ᠠ ᠭᠡᠳᠡᠭ ᠃ ᠴᠠᠭ᠎ᠠ ᠵᠢ ᠰᠢᠩᠭᠡᠨ ᠴᠠᠭ᠎ᠠ ᠂ ᠥᠳᠭᠡᠨ ᠴᠠᠭ᠎ᠠ ᠂ ᠠᠭᠰᠢᠭᠣᠨ ᠴᠠᠭ᠎ᠠ ᠭᠡᠵᠣ ᠬᠣᠪᠢᠶᠠᠳᠠᠭ ᠃ ᠴᠠᠭ᠎ᠠ ᠵᠢᠨ ᠰᠢᠷ᠎ᠠ ᠤᠰᠤ ᠵᠢ  ᠨᠢ ᠱᠦᠭᠦᠷᠡᠭᠦᠯᠵᠣ ᠠᠭᠠᠷᠴᠠᠨ ᠬᠣᠷᠣᠳ ᠬᠢᠳᠡᠭ ᠃ ᠠᠭᠠᠷᠴᠠ ᠵᠢ ᠵᠠᠷᠢᠮ ᠨᠣᠳᠣᠭ ᠲᠤ ᠠᠭᠠᠷᠣᠣᠯ ᠭᠡᠳᠡᠭ ᠃

ᠬᠡᠷᠡᠭᠯᠡᠬᠦ ᠄

(1) ᠱᠥᠯᠥ  ᠲᠠᠢ ᠬᠣᠭᠣᠯᠠᠨ  ᠳᠤ ᠪᠠᠭ᠎ᠠ ᠬᠡᠮᠵᠢᠶᠡᠨ ᠤ ᠴᠠᠭ᠎ᠠ ᠬᠢᠪᠡᠯ ᠱᠥᠯᠥᠨ ᠤ ᠱᠠᠩᠳᠠᠭᠣᠨ ᠢ ᠳᠠᠷᠣᠳᠠᠭ ᠃

(2) ᠴᠠᠭ᠎ᠠ ᠵᠢ ᠠᠷᠠᠰᠤ ᠢᠳᠡᠭᠡᠯᠡᠬᠦ ᠂ ᠰᠤᠷ ᠡᠯᠳᠡᠬᠦ  ᠳᠤ ᠬᠡᠷᠡᠭᠯᠡᠬᠦ ᠃

(3) ᠴᠠᠭ᠎ᠠ ᠵᠢ ᠤᠭᠤᠳᠠᠨ ︵ ᠬᠡᠦᠳᠡᠢ ︶  ᠳᠤ ᠬᠢᠵᠣ ᠠᠭᠠᠷᠴᠠ ᠳᠠᠷᠣᠬᠣ ᠶᠠᠪᠣᠴᠠ  ᠳᠤ ᠢᠯᠭᠠᠷᠠᠨ ᠭᠠᠷᠬᠣ ᠰᠢᠷ᠎ᠠ ᠤᠰᠤ  ᠶᠢ ᠴᠠᠭ᠎ᠠ ᠵᠢᠨ ᠰᠢᠷ᠎ᠠ ᠤᠰᠤ ᠭᠡᠵᠣ ᠨᠡᠷᠡᠯᠡᠳᠡᠭ ᠃ ᠴᠠᠭ᠎ᠠ ᠵᠢᠨ ᠰᠢᠷ᠎ᠠ ᠤᠰᠤ ᠵᠢ ᠳᠠᠪᠣᠰᠣᠳᠠᠢ ᠨᠣᠭᠣᠭ᠎ᠠ ᠳᠠᠷᠣᠰᠢᠭᠣᠯᠬᠣ ᠂ ᠪᠠᠭᠣᠷᠠᠢ ᠮᠠᠯ  ᠢ ᠤᠰᠤᠯᠠᠬᠣ ᠂ ᠡᠰᠡᠬᠦᠯ᠎ᠡ  ᠠᠳᠣᠭᠣᠨ  ᠤ ᠳᠡᠯ ᠰᠡᠭᠦᠯ  ᠢ ᠤᠬᠢᠶᠠᠬᠣ ᠵᠡᠷᠭᠡ ᠪᠠᠷ ᠬᠡᠷᠡᠭᠯᠡᠳᠡᠭ ᠃

(4) ᠴᠠᠭ᠎ᠠ ᠵᠢ ᠬᠣᠣᠷ ᠲᠠᠶᠢᠯᠬᠣ  ᠳᠤ ᠬᠡᠷᠡᠭᠯᠡᠬᠦ ᠃

(5) ᠬᠥᠷᠥᠭᠰᠡᠨ ᠴᠠᠭ᠎ᠠ ᠳᠡᠭᠡᠷ᠎ᠡ ᠬᠠᠯᠠᠭᠣᠨ ᠰᠦ᠋ ᠬᠢᠵᠣ ᠬᠣᠭᠣᠷᠮᠠᠭ ᠪᠣᠯᠭᠠᠨ ᠤᠤᠭᠣᠬᠣ ᠃

(6) ᠬᠠᠯᠠᠭᠣᠨ ᠴᠠᠭ᠎ᠠ ᠳᠡᠭᠡᠷ᠎ᠡ ᠬᠦᠢᠳᠡᠨ ᠰᠦ᠋ ᠬᠢᠵᠣ ᠡᠭᠡᠳᠡᠮᠡᠭ  ᠪᠣᠯᠭᠠᠨ ᠤᠤᠭᠤᠬᠤ ᠵᠡᠷᠭᠡ ᠃

ᠬᠠᠳᠠᠭᠠᠯᠠᠬᠣ᠄

ᠴᠠᠭ᠎ᠠ ᠵᠢ ᠪᠣᠳᠣᠩ ᠪᠤᠶᠤ ᠭᠠᠩ ᠳᠤ ᠬᠢᠵᠣ ᠬᠠᠳᠠᠭᠠᠯᠠᠳᠠᠭ ᠃ ᠮᠥᠨ ᠬᠥᠯᠳᠡᠭᠡᠨ ᠬᠠᠳᠠᠭᠠᠯᠠᠵᠣ ᠪᠣᠯᠳᠠᠭ ᠃

 

ᠠᠭᠠᠷᠴᠠᠨ ᠬᠣᠷᠣᠳ ᠬᠢᠬᠦ ᠠᠷᠭ᠎ᠠ ᠄

(1) ᠴᠠᠭ᠎ᠠ ᠪᠠᠨ ᠪᠤᠴᠠᠯᠭᠠᠨ᠎ᠠ ᠃

(2) ᠪᠤᠴᠠᠯᠭᠠᠭᠰᠠᠨ ᠴᠠᠭ᠎ᠠ ᠪᠠᠨ ᠬᠥᠷᠥᠭᠰᠡᠨ  ᠤ ᠳᠠᠷᠠᠭ᠎ᠠ ᠪᠦᠰ ᠤᠭᠤᠳᠠᠨ ᠳᠤ ᠱᠦᠭᠦᠵᠣ ᠠᠪᠣᠨ᠎ᠠ ᠃

(3) ᠤᠭᠤᠳᠠᠨ ᠤ ᠠᠮᠰᠠᠷ ᠢ ᠰᠠᠶᠢᠳᠣᠷ ᠤᠶᠠᠵᠣ ᠂ ᠬᠠᠪᠳᠠᠭᠠᠢ ᠴᠢᠯᠠᠭᠣ ᠪᠤᠶᠤ ᠬᠠᠪᠳᠠᠰᠤᠨ  ᠤ ᠵᠠᠪᠰᠠᠷ  ᠲᠤ ᠬᠠᠪᠴᠢᠭᠣᠯᠣᠨ ᠬᠡᠳᠦᠨ ᠴᠠᠭ ᠳᠠᠷᠣᠵᠣ ᠂ ᠰᠢᠷᠠᠰᠤ ᠵᠢ  ᠨᠢ ᠢᠯᠭᠠᠷᠠᠭᠣᠯᠣᠨ᠎ᠠ ᠃

(4) ᠡᠭᠰᠢᠭᠰᠡᠨ  ᠤ ᠳᠠᠷᠠᠭ᠎ᠠ ᠠᠭᠠᠷᠴᠠ ᠪᠠᠨ ᠵᠦᠰᠦᠨ᠎ᠡ ᠃

(5) ᠨᠠᠷᠠ ᠰᠠᠯᠬᠢᠨ ᠳᠤ ᠬᠠᠳᠠᠭᠠᠨ᠎ᠠ ᠃

ᠠᠭᠠᠷᠴᠠ ᠵᠢ ᠬᠢᠬᠦ ᠠᠷᠭ᠎ᠠ ᠪᠠᠷ  ᠨᠢ ᠵᠦᠰᠦᠮᠡᠯ ᠠᠭᠠᠷᠴᠠ ᠂ ᠪᠠᠵᠠᠮᠠᠯ ᠠᠭᠠᠷᠴᠠ ᠂ ᠬᠣᠷᠣᠬᠠᠢ ᠠᠭᠠᠷᠴᠠ ᠭᠡᠵᠣ ᠬᠣᠪᠢᠶᠠᠳᠠᠭ ᠃

1
ᠴᠠᠭ᠎ᠠ ᠵᠢᠨ ᠰᠢᠷᠠᠰᠣ ᠵᠢ ᠱᠦᠭᠦᠷᠡᠭᠦᠯᠵᠦ ᠪᠠᠶᠢᠭ᠎ᠠ  ᠨᠢ
2
ᠠᠭᠠᠷᠴᠠ ᠵᠦᠰᠦᠵᠦ ᠪᠠᠶᠢᠭ᠎ᠠ  ᠨᠢ ︵ ᠲᠡᠭᠡᠷᠡᠬᠢ ᠬᠣᠶᠠᠷ ᠵᠢᠷᠣᠭ  ᠢ ︽ ᠲᠣᠮᠳᠠᠳᠣ ᠣᠯᠣᠰ  ᠤᠨ ᠮᠣᠩᠭᠣᠯᠴᠣᠳ  ᠤᠨ ᠨᠡᠭᠦᠳᠡᠯ ᠮᠠᠯᠵᠢᠯ  ᠤᠨ ᠰᠣᠶᠣᠯ ︾ ᠨᠣᠮ ᠡᠴᠠ ᠠᠪᠣᠪᠠ ︶

ᠬᠡᠷᠡᠭᠯᠡᠬᠦ ᠄

ᠠᠭᠠᠷᠴᠠ ᠵᠢ ᠰᠢᠨ᠎ᠡ ᠰᠦ᠋ ᠪᠤᠶᠤ ᠵᠥᠭᠡᠭᠡᠢ  ᠳᠤ ᠵᠢᠭᠣᠷᠠᠵᠣ ᠢᠳᠡᠬᠦ ᠂ ᠬᠠᠭᠣᠷᠠᠢ ᠪᠠᠷ ᠢᠳᠡᠬᠦ ᠂ ᠴᠠᠶᠢᠨ  ᠳᠤ ᠬᠢᠵᠣ ᠤᠤᠭᠤᠳᠠᠭ ᠃ ᠵᠠᠷᠢᠮ  ᠳᠠᠭᠠᠨ ᠰᠢᠬᠢᠷ ᠂ ᠪᠤᠷᠠᠮ ᠂ ᠬᠠᠭᠤᠷᠠᠢ ᠪᠤᠳᠠᠭ᠎ᠠ  ᠲᠠᠢ ᠬᠣᠯᠢᠵᠣ ᠵᠢᠭᠤᠷᠠᠨ ᠢᠳᠡᠳᠡᠭ ᠃ ᠪᠠᠰᠠ ᠱᠥᠯᠥ ᠲ᠋ᠠᠢ ᠬᠣᠭᠣᠯᠠᠨ  ᠳᠤ ᠠᠭᠠᠷᠴᠠ ᠵᠣᠷᠭᠣᠵᠣ ᠢᠳᠡᠳᠡᠭ ᠃

3

 

ᠬᠠᠳᠠᠭᠠᠯᠠᠬᠣ᠄

ᠠᠭᠠᠷᠴᠠᠨ ᠬᠣᠷᠣᠳ ᠢ ᠪᠦᠰ ᠲᠠᠪᠣᠣ ᠤᠭᠣᠳᠠᠨ ᠳᠤ ᠬᠢᠵᠣ ᠬᠠᠳᠠᠭᠠᠯᠠᠳᠠᠭ ᠃ ᠵᠠᠷᠢᠮ ᠨᠣᠳᠣᠭ ᠲᠤ ᠤᠳᠠᠰᠤᠨ ᠳᠤ ᠬᠡᠯᠬᠢᠵᠣ ᠬᠠᠳᠠᠭᠠᠬᠣ ᠪᠣᠢ ᠃ ᠠᠭᠠᠷᠴᠠ  ᠨᠢ ᠤᠳᠠᠭᠠᠨ ᠬᠠᠳᠠᠭᠠᠯᠠᠬᠣ ᠵᠢ ᠳᠠᠭᠠᠭᠠᠳᠠᠭ ᠂ ᠬᠣᠳᠣᠭᠣᠳᠣᠨ ᠤ ᠰᠢᠩᠭᠡᠭᠡᠯᠳᠡ ᠵᠢ ᠰᠠᠶᠢᠵᠢᠷᠠᠭᠣᠯᠬᠣ ᠦᠢᠯᠡᠳᠦᠯ  ᠲᠠᠢ ᠢᠳᠡᠭᠡᠨ ᠶᠤᠮ ᠃

ᠰᠢᠭᠦᠮᠵᠢ