• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠴᠠᠭᠠᠨ ᠢᠳᠡᠭᠡᠨ  ᠤ ᠲᠤᠬᠠᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠮᠣᠩᠭᠣᠯᠴᠣᠳ ᠤᠨ ᠤᠯᠠᠮᠵᠢᠯᠠᠯᠳᠤ ᠢᠳᠡᠭᠡᠨ ᠤ ᠲᠥᠷᠥᠯ ᠳᠤ ᠴᠠᠭᠠᠨ ᠢᠳᠡᠭᠡᠨ ᠂ ᠤᠯᠠᠭᠠᠨ ᠢᠳᠡᠭᠡᠨ ᠂ ᠪᠣᠷᠣ ᠢᠳᠡᠭᠡᠨ᠂ ᠨᠣᠭᠣᠭᠠᠨ ᠢᠳᠡᠭᠡᠨ ᠭᠡᠭᠦ ᠬᠡᠳᠦᠨ ᠵᠦᠢᠯ ᠪᠣᠢ ᠃ ᠡᠭᠦᠨ  ᠳᠤ ᠴᠠᠭᠠᠨ ᠢᠳᠡᠭᠡᠨ ᠭᠡᠳᠡᠭ  ᠨᠢ ᠮᠠᠯ ᠤᠨ ᠰᠦ᠋ ᠪᠠᠷ ᠪᠣᠯᠪᠠᠰᠤᠷᠠᠭᠤᠯᠲᠠᠭ ᠢᠳᠡᠭᠡᠨ ᠤ ᠶᠡᠷᠦᠩᠬᠡᠢ ᠨᠡᠷᠡᠶᠢᠳᠦᠯ ᠶᠤᠮ ᠃ ᠮᠠᠯᠴᠢᠨ ᠮᠣᠩᠭᠣᠯᠴᠣᠳ ᠲᠠᠪᠣᠨ ᠬᠣᠰᠢᠭᠣ ᠮᠠᠯ ᠤᠨ ᠰᠦ᠋ ᠪᠠᠷ ᠴᠠᠭᠠᠨ ᠢᠳᠡᠭᠡᠨ ᠬᠢᠳᠡᠭ ᠪᠥᠭᠡᠳ ᠵᠠᠷᠢᠮ ᠨᠣᠳᠣᠭ ᠲᠤ ᠰᠠᠷᠯᠣᠭ ᠂ ᠴᠠ ᠪᠣᠭᠣ ᠵᠢᠨ ᠰᠦ᠋ ᠵᠢ ᠴᠣ ᠢᠳᠡᠭᠡᠨ ᠤᠮᠳᠠᠭᠠᠨ  ᠳᠠᠭᠠᠨ ᠠᠰᠢᠭᠯᠠᠳᠠᠭ ᠵᠢᠱᠢᠶ᠎ᠡ  ᠲᠠᠢ ᠃ ᠮᠣᠩᠭᠣᠯᠴᠣᠳ ᠴᠠᠭᠠᠨ ᠢᠳᠡᠭᠡᠨ  ᠢ ︽ ᠢᠳᠡᠭᠡᠨ  ᠤ ᠳᠡᠭᠡᠳᠦ ︾ ᠬᠡᠮᠡᠨ ᠡᠷᠬᠢᠮᠯᠡᠵᠦ  ᠂ ᠴᠠᠭᠠᠨ ᠢᠳᠡᠭᠡᠨ  ᠲᠠᠢ ᠬᠣᠯᠪᠣᠭᠳᠠᠭᠰᠠᠨ ᠦᠢ ᠣᠯᠠᠨ ᠶᠤᠰᠤ ᠵᠠᠩᠰᠢᠯ  ᠢ ᠥᠪᠯᠡᠨ ᠤᠯᠠᠮᠵᠢᠯᠠᠵᠣ ᠢᠷᠡᠭᠰᠡᠨ ᠶᠤᠮ ᠃

ᠤᠯᠠᠷᠢᠯ ᠤᠨ ᠠᠶ᠎ᠠ ᠵᠢ ᠳᠠᠭᠠᠨ ᠨᠡᠭᠦᠳᠡᠯ ᠬᠢᠳᠡᠭ ᠮᠠᠯᠴᠢᠳ ᠤᠨ ᠬᠣᠭᠣᠯᠠ ᠤᠮᠳᠠᠨ ᠳᠤ ᠴᠠᠭᠠᠨ ᠢᠳᠡᠭᠡᠨ ᠪᠣᠯᠣᠨ ᠤᠯᠠᠭᠠᠨ ︵ ᠮᠢᠬᠠᠨ ︶ ᠢᠳᠡᠭᠡᠨ  ᠨᠢ ᠵᠣᠩᠬᠢᠯᠠᠬᠣ ᠶᠡᠭᠡ ᠬᠣᠪᠢ ᠵᠢᠨ ᠵᠢᠩ ᠢ ᠡᠵᠡᠯᠡᠳᠡᠭ ᠃ ᠲᠡᠶᠢᠮᠦ ᠪᠥᠭᠡᠳ ᠵᠠᠷᠢᠮ ᠦᠶ᠎ᠡ ᠳᠤ ᠵᠥᠪᠭᠡᠨ ᠴᠠᠭᠠᠨ ᠢᠳᠡᠭᠡᠨ  ᠢᠶᠡᠷ  ᠬᠣᠨᠣᠭ ᠵᠠᠯᠭᠠᠬᠣ ᠲᠣᠬᠢᠶᠠᠯᠳᠣᠯ ᠴᠣ ᠭᠠᠷᠳᠠᠭ ᠪᠠᠶᠢᠵᠠᠢ ᠃ ᠨᠣᠳᠣᠭ ᠨᠣᠳᠣᠭ ᠤᠨ ᠬᠣᠭᠣᠷᠣᠨᠳᠣᠬᠢ ᠴᠠᠭᠠᠨ ᠢᠳᠡᠭᠡᠨ ᠤ ᠨᠡᠷᠡᠶᠢᠳᠦᠯ ᠂ ᠬᠢᠬᠦ ᠠᠷᠭ᠎ᠠ ᠂ ᠬᠣᠭᠣᠯᠠ ᠤᠮᠳᠠᠠ  ᠳᠠᠭᠠᠨ ᠠᠰᠢᠭᠯᠠᠬᠣ ᠵᠠᠩᠰᠢᠯ  ᠨᠢ ᠵᠥᠷᠢᠶ᠎ᠡ  ᠲᠠᠢ ᠪᠣᠯᠪᠠᠴᠣ ᠶᠡᠷᠥᠩᠬᠡᠢ ᠵᠢᠨ ᠨᠡᠶᠢᠳᠡᠯᠢᠭ ᠰᠢᠨᠵᠢ ᠤᠳ ᠣᠷᠣᠰᠢᠵᠣ ᠪᠠᠶᠢᠭ᠎ᠠ ᠪᠢᠯᠡ ᠃

ᠡᠷᠲᠡ ᠳᠡᠭᠡᠳᠦ ᠦᠶ᠎ᠡ  ᠡᠴᠡ ᠮᠣᠩᠭᠣᠯᠴᠣᠳ ᠴᠠᠭᠠᠨ ᠢᠳᠡᠭᠡᠨ  ᠢ ᠪᠠᠷᠣᠭ ᠵᠢᠯ ᠲᠤᠷᠰᠢ ᠬᠡᠷᠡᠭᠯᠡᠵᠣ ᠢᠷᠡᠭᠰᠡᠨ ᠲᠡᠦᠭᠡ ᠲ᠋ᠠᠢ ᠶᠤᠮ ᠃ ᠴᠠᠭᠠᠨ ᠢᠳᠡᠭᠡᠨ  ᠨᠢ ᠮᠠᠯ  ᠤᠨ ᠰᠠᠭᠠᠯᠢ ᠰᠦᠨ  ᠤ ᠬᠣᠭᠣᠴᠠᠭ᠎ᠠ  ᠲᠠᠢ ᠨᠢᠭᠳᠠ ᠬᠣᠯᠪᠣᠭᠳᠠᠳᠠᠭ ᠃ ᠬᠣᠨᠢ ᠪᠣᠯᠣᠨ ᠠᠳᠣᠭᠣᠨ  ᠤ ᠰᠠᠭᠠᠯᠢ ᠵᠢᠨ ᠬᠣᠭᠣᠴᠠᠭ᠎ᠠ ᠬᠠᠷᠢᠴᠠᠩᠭᠣᠢ ᠪᠣᠭᠣᠨᠢ ᠂ ᠦᠭᠡᠷ ᠪᠣᠯᠣᠨ ᠢᠮᠠᠭᠠᠨ  ᠤ ᠰᠠᠭᠠᠯᠢ ᠵᠢᠨ ᠬᠣᠭᠣᠴᠠᠭ᠎ᠠ ᠠᠷᠠᠢ ᠤᠷᠳᠤ ᠂ ᠲᠡᠮᠡᠭᠡᠨ  ᠤ ᠰᠠᠭᠠᠯᠢ ᠬᠠᠮᠣᠭ  ᠤᠨ ᠤᠷᠳᠣ ᠬᠣᠭᠣᠴᠠᠭᠠᠨ  ᠳᠤ ᠦᠷᠭᠦᠯᠵᠢᠯᠡᠳᠡᠭ ᠣᠨᠴᠠᠯᠢᠭ  ᠲᠠᠢ ᠃

ᠠᠩᠬᠠᠷᠣᠭᠣᠰᠢᠳᠠᠢ ᠨᠢᠭᠡᠨ ᠵᠦᠢᠯ ᠭᠡᠪᠡᠯ ᠂ ᠬᠡᠳᠦᠶᠢᠪᠡᠷ ᠰᠦᠨ  ᠤ ᠪᠦᠳᠦᠭᠡᠭᠳᠡᠭᠦᠨ  ᠤ ᠶᠡᠷᠥᠩᠬᠡᠢ ᠨᠡᠷᠡᠶᠢᠳᠦᠯ  ᠢ ︽ ᠴᠠᠭᠠᠨ ᠢᠳᠡᠭᠡᠨ ︾ ᠭᠡᠳᠡᠭ ᠪᠣᠯᠪᠠᠴᠣ ᠴᠠᠭᠠᠨ ᠢᠳᠡᠭᠡᠨ  ᠳᠤ ᠵᠥᠪᠭᠡᠨ ᠶᠡᠷᠥᠳᠡ ᠵᠢᠨ ᠣᠶᠢᠯᠭᠠᠯᠳᠠ  ᠳᠡᠬᠢ ᠢᠳᠡᠭᠡᠨ  ᠤ ᠲ᠋ᠥᠷᠥᠯ ᠣᠳ  ᠢ ᠪᠠᠭᠳᠠᠭᠠᠬᠣ ᠪᠢᠰᠢ ᠂ ᠬᠠᠷᠢᠨ ᠴᠥᠭᠡᠨ ᠪᠣᠰᠣ ᠣᠮᠳᠠᠭᠠᠨ  ᠤ ᠲᠥᠷᠥᠯ  ᠦᠳ   ᠢ ᠴᠤ ᠬᠠᠮᠣᠷᠴᠣ ᠪᠠᠶᠢᠳᠠᠭ ᠃

1

 

ᠴᠠᠭᠠᠨ ᠢᠳᠡᠭᠡᠨ  ᠤ ᠲᠥᠷᠥᠯ ᠵᠦᠢᠯ ᠄

1. ᠰᠦ᠋ ᠵᠢ ᠡᠭᠡᠳᠡᠭᠦᠯᠵᠦ  ᠬᠢᠬᠦ ᠴᠠᠭᠠᠨ ᠢᠳᠡᠭᠡᠨ ᠄ ᠵᠥᠭᠡᠭᠡᠢ ᠂ ᠰᠢᠷ᠎ᠠ ᠲᠣᠰᠣ ᠂ ᠴᠠᠭᠠᠨ ᠲᠣᠰᠣ ᠂ ᠴᠥᠴᠥᠭᠡᠢ ᠂ ᠬᠣᠷᠣᠳ ᠂ ᠪᠢᠰᠢᠯᠠᠭ ᠂ ᠴᠣᠷ᠎ᠠ ᠵᠡᠷᠭᠡ ᠃

2. ᠰᠦ᠋ ᠵᠢ ᠢᠰᠭᠡᠵᠣ ᠬᠢᠬᠦ ᠴᠠᠭᠠᠨ ᠢᠳᠡᠭᠡᠨ ᠄ ᠳᠠᠷᠠᠭ ᠂ ᠠᠶᠢᠷᠠᠭ ᠂ ᠰᠠᠭᠠᠯᠢ ᠵᠢᠨ ᠠᠷᠢᠬᠢ ᠂ ᠴᠠᠭ᠎ᠠ ︵ ᠡᠭᠡᠷ᠎ᠡ  ᠂ ᠡᠭᠡᠷᠡᠮ  ︶ ᠂ ᠠᠭᠠᠷᠴᠠ ᠵᠡᠷᠭᠡ ᠃

3. ᠰᠦ᠋ ᠵᠢ ᠪᠤᠴᠠᠯᠭᠠᠵᠣ ᠬᠢᠬᠦ ᠴᠠᠭᠠᠨ ᠢᠳᠡᠭᠡᠨ ᠄ ᠥᠷᠥᠮ᠎ᠡ ᠂ ᠬᠣᠰᠣᠮ ᠵᠡᠷᠭᠡ ᠃

ᠴᠠᠭᠠᠨ ᠢᠳᠡᠭᠡᠨ ᠬᠢᠬᠦ ᠰᠠᠪᠠ ᠬᠡᠷᠡᠭᠰᠡᠯ ᠄

ᠲᠣᠭᠣᠭ᠎ᠠ ᠂ ᠰᠢᠨᠠᠭ᠎ᠠ ᠂ ᠸᠠᠭᠠᠷ ᠰᠠᠪᠠ ᠂ ᠭᠠᠩ ︵ ᠬᠥᠨᠥᠭ ︶ ᠂ ᠬᠦᠬᠦᠦᠷ ᠂ ᠮᠣᠳᠣᠨ ᠭᠠᠩ ︵ ᠲᠤᠷᠬ᠎ᠠ ᠂ ᠠᠷᠬᠠᠳ ︶ ᠂ ᠵᠤᠤᠯᠢ ᠂ ᠱᠦᠭᠦᠯᠳᠡᠭᠦᠷ ᠂ ᠪᠥᠯᠢᠭᠦᠷ ᠂ ᠲᠠᠭᠯᠠᠭ᠎ᠠ ᠂ ᠰᠠᠭᠤᠯᠠᠭ᠎ᠠ ᠂ ᠲᠠᠪᠠᠭ ᠂ ᠪᠠᠭᠪᠣᠷ ᠂ ᠠᠶᠠᠭ᠎ᠠ ᠂ ᠠᠮᠪᠠᠨ ︵ ᠬᠠᠪᠳᠠᠰᠤ ︶ ᠂ ᠬᠥᠩᠭᠦ ︵ ᠪᠦᠰ ᠤᠭᠤᠳᠠ ︶ ᠂ ᠴᠡᠭᠡ ᠵᠢᠨ ᠤᠳᠬᠤᠭᠤᠷ ᠂ ᠬᠠᠯᠪᠠᠭ᠎ᠠ ᠂ ᠬᠣᠷᠣᠳ  ᠤᠨ ᠬᠡᠪ ᠭᠡᠬᠦ ᠮᠡᠳᠦ ᠃

ᠰᠢᠭᠦᠮᠵᠢ