• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠴᠡᠭᠡ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 18.95 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

ᠭᠡᠬᠦᠨ  ᠤ ᠰᠦ᠋ ᠪᠠᠷ ᠢᠰᠭᠡᠵᠣ ᠬᠢᠭᠰᠡᠨ ᠤᠮᠳᠠᠭᠠᠨ ︵ ᠠᠶᠢᠷᠠᠭ ︶  ᠢ ᠴᠡᠭᠡ ᠭᠡᠳᠡᠭ ᠃ ᠮᠣᠩᠭᠣᠯᠴᠣᠳ ᠭᠣᠣᠯᠳᠠᠭᠣ ᠵᠣᠨ ᠤ ᠤᠯᠠᠷᠢᠯ ᠳᠤ ᠭᠡᠭᠦᠦ ᠪᠠᠷᠢᠵᠣ ᠂ ᠴᠡᠭᠡ ᠢᠰᠭᠡᠳᠡᠭ ᠃ ᠴᠡᠭᠡ ᠵᠢ ᠢᠰᠭᠡᠬᠦ  ᠳᠤ ᠬᠠᠯᠠᠭᠣᠨ ᠪᠣᠯᠣᠨ ᠰᠡᠷᠢᠭᠦᠨ ᠢᠶᠡᠷ  ᠢᠰᠭᠡᠬᠦ ᠬᠣᠶᠠᠷ ᠠᠷᠭ᠎ᠠ ᠪᠤᠢ ᠃ ᠬᠠᠯᠠᠭᠣᠨ  ᠢᠶᠡᠷ  ᠢᠰᠭᠡᠭᠰᠡᠨ ᠴᠡᠭᠡ ᠵᠢ ᠠᠷᠢᠬᠢ ᠨᠡᠷᠡᠬᠦ  ᠳᠤ ᠬᠡᠷᠡᠭᠯᠡᠨ᠎ᠡ ᠃ ᠰᠡᠷᠢᠭᠦᠨ  ᠢᠶᠠᠷ ᠢᠰᠭᠡᠭᠰᠡᠨ ᠴᠡᠭᠡ ᠵᠢ ᠲᠤᠰᠬᠠᠶᠢᠯᠠᠨ ᠤᠤᠭᠤᠬᠤ  ᠳᠤ ᠵᠣᠷᠢᠭᠣᠯᠳᠠᠭ ᠃ ᠡᠭᠦᠨ   ᠳᠤ ᠬᠠᠯᠠᠭᠣᠨ ᠢᠶᠡᠷ  ᠢᠰᠭᠡᠭᠦ ᠴᠡᠭᠡ  ᠶᠢᠨ ᠭᠠᠩ  ᠢ ᠲᠤᠯᠠᠭᠠᠨ ᠬᠤᠴᠢᠯᠭ᠎ᠠ  ᠪᠠᠷ ᠪᠦᠷᠢᠳᠡᠭ ᠃ ᠰᠡᠷᠢᠭᠦᠨ  ᠢᠶᠡᠷ  ᠢᠰᠭᠡᠭᠦ  ᠳᠤ ᠴᠡᠭᠡ ᠵᠢᠨ ᠭᠠᠩ  ᠤᠨ ᠬᠠᠭᠠᠰ  ᠢ  ᠨᠢ ᠭᠠᠵᠠᠷ  ᠲᠤ ᠪᠤᠯᠠᠬᠣ ᠂ ᠡᠰᠡᠭᠦᠯ᠎ᠡ ᠭᠠᠩ  ᠢ ᠲᠣᠭᠣᠷᠢᠭᠣᠯᠣᠨ ᠴᠢᠭᠢᠭᠯᠢᠭ ᠬᠥᠷᠥᠰᠦ ᠨᠠᠭᠠᠵᠣ ᠂ ᠭᠦᠢᠳᠡᠨ ᠤᠰᠤ ᠴᠢᠳᠬᠣᠨ ᠰᠡᠷᠢᠭᠦᠴᠡᠭᠦᠯᠳᠡᠭ ᠃ ᠭᠡᠭᠦ  ᠳᠡᠭᠡᠨ ᠲᠡᠭᠡᠷᠡᠬᠢ ᠬᠣᠶᠠᠷ ᠵᠦᠢᠯ  ᠤᠨ ᠢᠰᠭᠡᠭᠦ ᠠᠷᠭ᠎ᠠ  ᠳᠤ ᠪᠦᠯᠢᠯᠳᠡ ᠠᠳᠠᠯᠢᠬᠠᠨ ᠴᠢᠬᠣᠯᠠ ᠪᠠᠶᠢᠳᠠᠭ ᠃

1
ᠭᠡᠭᠦᠦ ᠰᠠᠭᠠᠵᠣ ᠪᠠᠶᠢᠭ᠎ᠠ  ᠨᠢ

 

ᠬᠢᠬᠦ ᠠᠷᠭ᠎ᠠ ᠄

(1) ᠬᠥᠷᠥᠩᠭᠡᠯᠡᠬᠦ ᠄ ᠴᠡᠭᠡ ᠵᠢ ᠬᠥᠷᠥᠩᠭᠡᠯᠡᠬᠦ  ᠳᠤ ᠲᠦᠷᠦᠭᠦᠦ ᠵᠢᠯ ᠤᠨ ᠦᠯᠡᠳᠡᠭᠰᠡᠨ ᠬᠠᠭᠣᠷᠠᠢ ᠠᠭᠡ ᠵᠢ ᠲᠡᠪᠳᠦᠭᠡᠵᠣ ᠬᠡᠷᠡᠭᠯᠡᠬᠦ ᠂ ᠰᠢᠷ᠎ᠠ ᠪᠣᠳᠠᠭ᠎ᠠ ᠨᠦᠳᠦᠵᠣ ᠡᠬᠡ  ᠬᠢᠬᠦ ᠂ ᠦᠨᠢᠶᠡᠨ ᠤ ᠠᠶᠢᠷᠠᠭ   ᠢᠶᠡᠷ ᠡᠬᠡᠯᠡᠬᠦ  ᠵᠡᠷᠭᠡ ᠠᠷᠪᠠ ᠭᠠᠷᠤᠢ ᠵᠦᠢᠯ  ᠤᠨ ᠠᠷᠭ᠎ᠠ ᠪᠤᠢ᠃

(2) ᠬᠥᠷᠥᠩᠭᠡ ᠲᠡᠭᠡᠷ᠎ᠡ ᠪᠠᠨ ᠰᠦ᠋ ᠨᠡᠮᠡᠨ᠎ᠡ ᠃ ᠡᠬᠢᠯᠡᠵᠤ  ᠢᠰᠭᠡᠬᠦ  ᠳᠡᠭᠡᠨ ᠭᠡᠭᠦᠨ  ᠤ ᠬᠥᠷᠦᠭᠰᠡᠨ ᠰᠦ᠋ ᠵᠢ ᠪᠠᠭ᠎ᠠ ᠪᠠᠭ᠎ᠠ ᠪᠠᠷ ᠨᠡᠮᠡᠬᠦ ᠵᠢᠨ ᠳᠠᠭᠠᠣ ᠪᠦᠯᠢᠨ᠎ᠡ ᠃ ᠡᠭᠦᠨ   ᠳᠤ ᠡᠳᠤᠷ  ᠲᠤ ᠬᠣᠶᠠᠷ ᠡᠭᠡᠯᠵᠢ  ᠂ ᠡᠭᠡᠯᠵᠢ  ᠪᠦᠷᠢ 500-1000 ᠤᠳᠠᠭ᠎ᠠ ᠪᠦᠯᠢᠨ᠎ᠡ ᠃ ᠢᠩᠬᠢᠵᠣ ᠨᠡᠮᠡᠬᠦ ᠪᠦᠯᠢᠬᠦ ᠵᠢ ᠤᠶᠠᠯᠳᠤᠭᠣᠯᠵᠣ ᠂ ᠬᠠᠯᠠᠭᠣᠨ ᠴᠠᠭ ᠲᠤ ᠴᠡᠭᠡ ᠵᠢ ᠬᠦᠢᠳᠡᠨ ᠤᠰᠤᠨ ᠳᠤ ᠰᠠᠭᠣᠯᠭᠠᠵᠣ ᠂ ᠰᠡᠷᠢᠭᠦᠨ ᠢ ᠪᠠᠳᠤᠯᠠᠳᠠᠭ ᠃ ᠳᠤᠯᠠᠭᠠᠨ  ᠤ ᠬᠡᠮᠵᠢᠶ᠎ᠡ ᠪᠣᠯᠣᠨ ᠪᠦᠯᠢᠯᠳᠡ ᠲᠡᠩᠴᠡᠭᠰᠡᠨ ᠪᠠᠶᠢᠬᠣ  ᠳᠤ ᠴᠡᠭᠡ ᠲᠣᠯᠣᠭᠠᠨ ᠬᠣᠨᠣᠭ  ᠤᠨ ᠳᠣᠳᠣᠷ᠎ᠠ ᠪᠣᠯᠪᠠᠰᠤᠷᠠᠳᠠᠭ ᠃

(3) ᠴᠡᠭᠡ ᠵᠢ ᠢᠰᠭᠡᠬᠦ ᠳᠤ ᠪᠦᠯᠢᠯᠳᠡ ᠲᠣᠩ ᠴᠢᠬᠤᠯᠠ ᠪᠠᠶᠢᠳᠠᠭ ᠃ ᠡᠳᠤᠷ  ᠪᠣᠯᠭᠠᠨ ᠭᠡᠭᠦᠨ ᠤ ᠰᠦ᠋ ᠨᠡᠮᠡᠬᠦ ᠵᠢᠨ ᠲᠠᠭᠠᠤ ᠲᠣᠭᠳᠠᠭᠰᠠᠨ ᠬᠣᠭᠣᠴᠠᠭᠠᠨ ᠳᠤ ᠲᠣᠭᠳᠠᠭᠰᠠᠨ ᠲᠣᠭ᠎ᠠ ᠪᠠᠷ ᠪᠦᠯᠢᠬᠦ ᠬᠡᠷᠡᠭᠳᠡᠢ ᠶᠤᠮ ᠃ ᠵᠥᠪ ᠢᠰᠦᠭᠰᠡᠨ ᠴᠡᠭᠡ ᠵᠢᠨ ᠬᠦᠭᠡᠰᠦ  ᠨᠢ ᠰᠠᠪᠠ ᠵᠢᠨ ᠭᠣᠣᠯ ᠳᠤ ᠲᠥᠪᠯᠡᠷᠡᠨ ᠱᠠᠬᠢᠵᠣ ᠪᠠᠶᠢᠳᠠᠭ ᠪᠥᠭᠡᠳ ᠬᠦᠭᠡᠰᠦᠨ ᠮᠥᠬᠥᠯᠢᠭ  ᠨᠢ ᠵᠢᠵᠢᠭᠭᠡᠨ ᠪᠠᠶᠢᠳᠠᠭ ᠃ ᠬᠡᠷᠪᠡ ᠪᠤᠷᠣᠭᠣ ᠢᠰᠦᠪᠡᠯ ᠳᠡᠭᠡᠷᠡᠬᠢ ᠪᠠᠶᠢᠳᠠᠯ ᠦᠯᠦ ᠢᠯᠡᠷᠡᠨ᠎ᠡ ᠃

ᠬᠡᠷᠡᠭᠯᠡᠬᠦ ᠄

(1) ᠤᠮᠳᠠᠭᠠᠨ ᠳᠤ ᠬᠡᠷᠡᠭᠯᠡᠬᠦ ᠃

(2) ᠠᠮᠨᠡᠯᠭᠡ ᠳᠤ ᠬᠡᠷᠡᠭᠯᠡᠬᠦ ᠃ ᠴᠡᠭᠡ  ᠨᠢ ᠠᠭᠤᠰᠬᠢ ᠪᠣᠯᠣᠨ ᠬᠣᠳᠣᠭᠣᠳᠣᠨ ᠤ ᠡᠪᠡᠳᠴᠢᠨ ᠢ ᠵᠠᠰᠠᠬᠣ ᠳᠤ ᠣᠨᠴᠠ ᠲᠤᠰᠠᠳᠠᠢ ᠪᠠᠶᠢᠳᠠᠭ ᠃

(3) ᠴᠡᠭᠡ ᠵᠢ ᠤᠤᠭᠤᠵᠣ ᠵᠠᠪᠳᠣᠬᠣ ᠦᠭᠡᠢ ᠪᠣᠯᠵᠣ ᠂ ᠬᠦᠭᠦᠦᠷ ᠰᠠᠪᠠ  ᠨᠢ ᠳᠦᠭᠦᠷᠭᠦ ᠦᠶᠡᠰ ᠳᠣᠨᠳᠠᠭᠣᠷ ᠪᠣᠯᠭᠠᠬᠣ ᠵᠢᠨ ᠲᠤᠯᠠᠳᠠ ᠲᠣᠭᠣᠭ᠎ᠠ ᠨᠡᠷᠡᠬᠦ ᠱᠠᠭᠠᠷᠳᠠᠯᠭ᠎ᠠ ᠭᠠᠷᠳᠠᠭ ᠃ ᠲᠣᠭᠣᠭ᠎ᠠ ᠨᠡᠷᠡᠵᠣ ᠦᠯᠡᠳᠡᠭᠰᠡᠨ ᠴᠠᠭ᠎ᠠ  ᠪᠠᠷ  ᠨᠢ ᠠᠭᠠᠷᠴᠠ ᠭᠠᠷᠭᠠᠨ ᠠᠪᠳᠠᠭ ᠃ ᠭᠡᠭᠦᠨ  ᠤ ᠰᠦᠨ  ᠤ ᠠᠷᠢᠬᠢ  ᠨᠢ ᠢᠳᠡ ᠬᠦᠴᠦ  ᠪᠠᠷ ᠦᠨᠢᠶᠡᠨ  ᠤ ᠰᠦᠨ  ᠤ ᠠᠷᠢᠬᠢ  ᠡᠴᠡ ᠴᠢᠩᠭ᠎ᠠ ᠪᠠᠶᠢᠳᠠᠭ ᠣᠨᠴᠠᠯᠢᠭ  ᠲᠠᠢ ᠃
2
ᠴᠡᠭᠡ ᠢᠰᠭᠡᠵᠦ ᠪᠠᠶᠢᠭ᠎ᠠ  ᠨᠢ ︵ ᠲᠡᠭᠡᠷᠡᠬᠢ ᠬᠤᠶᠠᠷ ᠵᠢᠷᠣᠭ  ᠢ ︽ ᠲᠣᠮᠳᠠᠳᠣ ᠣᠯᠣᠰ  ᠤᠨ ᠮᠣᠩᠭᠣᠯᠴᠣᠳ  ᠤᠨ ᠨᠡᠭᠦᠳᠡᠯ ᠮᠠᠯᠵᠢᠯ  ᠤᠨ ᠰᠣᠶᠣᠯ ︾ ᠨᠣᠮ ᠡᠴᠠ ᠠᠪᠣᠪᠠ ︶

ᠬᠠᠳᠠᠭᠠᠯᠠᠬᠣ ᠄

ᠨᠠᠮᠣᠷ ᠤᠨ ᠰᠡᠷᠢᠭᠦᠨ ᠴᠠᠭ ᠲᠤ ᠴᠡᠭᠡ ᠵᠢ ᠬᠠᠬᠣᠷᠠᠭᠠᠬᠣ ᠦᠭᠡᠢ ᠪᠠᠷ ᠰᠡᠷᠢᠭᠦᠨ ᠪᠠᠶᠢᠯᠭᠠᠳᠠᠭ ᠃ ᠤᠯᠠᠮ ᠵᠶᠠᠷ ᠬᠦᠯᠳᠡᠭᠡᠨ ᠬᠠᠳᠠᠭᠠᠯᠠᠵᠣ ᠂ ᠡᠪᠦᠯ ᠬᠡᠷᠡᠭᠴᠡᠭᠡ  ᠲᠠᠢ ᠦᠶ᠎ᠡ ᠳᠤ ᠭᠡᠰᠭᠡᠨ ᠤᠤᠭᠤᠵᠤ ᠪᠣᠯᠳᠠᠭ ᠃ ᠮᠥᠨ ᠢᠩᠬᠢᠵᠣ ᠬᠠᠳᠠᠭᠠᠯᠠᠭᠰᠠᠨ ᠴᠡᠭᠡ ᠳᠡᠭᠡᠷ᠎ᠡ  ᠪᠠᠨ ᠦᠨᠢᠶᠡᠨ  ᠤ ᠰᠦ᠋ ᠵᠢ ᠪᠠᠭ᠎ᠠ ᠪᠠᠭ᠎ᠠ  ᠪᠠᠷ ᠬᠢᠵᠣ ᠬᠥᠷᠥᠩᠭᠡ ᠪᠣᠯᠭᠠᠨ ᠠᠰᠢᠭᠯᠠᠳᠠᠭ ᠃

ᠴᠡᠭᠡ

ᠰᠢᠭᠦᠮᠵᠢ

ᠰᠠᠶᠢᠬᠠᠨ

2017-06-26 08:53:03

ᠰᠠᠶᠢᠬᠠᠨ ! 0