• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠠᠷ ᠤᠷᠠᠯᠠᠯ ᠤᠨ ᠤᠷᠠᠨ ᠪᠢᠴᠢᠯᠭᠡ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 6.07 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠭᠠᠷ ᠤᠷᠠᠯᠠᠯ ︱ ᠤᠷᠠᠨ ᠪᠢᠴᠢᠯᠭᠡ

 

ᠮᠣᠩᠭᠣᠯ ᠤᠷᠠᠨ ᠪᠢᠴᠢᠯᠭᠡ ᠶᠢᠨ ᠲᠡᠦᠬᠡ ᠮᠣᠩᠭᠣᠯ ᠦᠰᠦᠭ ᠪᠢᠴᠢᠭ ᠦᠨ ᠲᠡᠦᠬᠡ ᠲᠡᠢ ᠰᠢᠭᠤᠳ ᠬᠣᠯᠪᠣᠭ᠎ᠠ ᠲᠠᠢ ᠃ ᠮᠣᠩᠭᠣᠯᠴᠤᠳ ᠣᠯᠠᠨ ᠵᠠᠭᠤᠨ ᠵᠢᠯ ᠦᠨ ᠲᠡᠦᠬᠡᠨ ᠶᠠᠪᠤᠴᠠ ᠳᠤ ᠪᠠᠨ ᠤᠶᠢᠭᠤᠷᠵᠢᠨ ᠮᠣᠩᠭᠣᠯ ᠦᠰᠦᠭ ᠂ ᠳᠥᠷᠪᠡᠯᠵᠢᠨ ᠦᠰᠦᠭ ᠂ ᠲᠣᠳᠣ ᠦᠰᠦᠭ ᠂ ᠰᠣᠶᠣᠩᠪᠤ ᠦᠰᠦᠭ ᠂ ᠸᠠᠭᠢᠨᠳᠠᠷ᠎ᠠ ᠦᠰᠦᠭ ᠂ ᠺᠢᠷᠢᠯ ᠦᠰᠦᠭ ᠁ ᠵᠡᠷᠭᠡ ᠣᠯᠠᠨ ᠲᠥᠷᠥᠯ ᠦᠨ ᠦᠰᠦᠭ ᠬᠡᠷᠡᠭᠯᠡᠵᠦ ᠪᠠᠶᠢᠭᠰᠠᠨ ᠶᠤᠮ ᠃ ᠡᠭᠦᠨ ᠳᠦ ᠬᠠᠮᠤᠭ ᠤᠨ ᠤᠳᠠᠭᠠᠨ ᠬᠤᠭᠤᠴᠠᠭ᠎ᠠ ᠪᠠᠷ ᠂ ᠬᠠᠮᠤᠭ ᠤᠨ ᠲᠦᠭᠡᠮᠡᠯ ᠬᠡᠷᠡᠭᠯᠡᠭᠰᠡᠨ  ᠨᠢ ᠤᠶᠢᠭᠤᠷᠵᠢᠨ ᠮᠣᠩᠭᠣᠯ ᠦᠰᠦᠭ ᠪᠣᠯᠬᠣᠷ ᠡᠨᠳᠡ ᠭᠣᠣᠯᠳᠠᠭᠤ ᠤᠶᠢᠭᠤᠷᠵᠢᠨ ᠮᠣᠩᠭᠣᠯ ᠦᠰᠦᠭ ᠯᠦᠭᠡ ᠬᠣᠯᠪᠣᠭᠳᠠᠭᠤᠯᠤᠨ ᠮᠣᠩᠭᠣᠯ ᠤᠷᠠᠨ ᠪᠢᠴᠢᠯᠭᠡ ᠶᠢᠨ ᠲᠤᠬᠠᠢ ᠶᠠᠷᠢᠬᠤ ᠪᠣᠯᠤᠨ᠎ᠠ ᠃ ᠣᠳᠣ ᠣᠯᠳᠠᠭᠠᠳ ᠪᠠᠶᠢᠭ᠎ᠠ ᠬᠠᠮᠤᠭ ᠤᠨ ᠡᠷᠲᠡᠨ ᠦ ᠤᠶᠢᠭᠤᠷᠵᠢᠨ ᠮᠣᠩᠭᠣᠯ ᠦᠰᠦᠭ ᠦᠨ ᠪᠢᠴᠢᠭᠡᠰᠦ ᠪᠣᠯ 1225 ᠣᠨ ᠳᠤ ᠪᠢᠴᠢᠭᠰᠡᠨ ︽ ᠴᠢᠩᠭᠢᠰ ᠦᠨ ᠴᠢᠯᠠᠭᠤᠨ ᠪᠢᠴᠢᠭ ︾ ᠪᠠᠶᠢᠭ᠎ᠠ ᠪᠢᠯᠡ ᠃

 

1. ᠥᠰᠥᠨ ᠪᠢᠷ ᠦᠨ ᠪᠢᠴᠢᠯᠭᠡ  ︱

 

ᠥᠰᠥᠨ ᠪᠢᠷ ᠦᠨ ᠪᠢᠴᠢᠯᠭᠡ ᠪᠣᠯ ᠥᠰᠥᠨ ᠪᠢᠷ ᠢᠶᠡᠷ ᠤᠷᠠᠯᠢᠭᠵᠢᠭᠤᠯᠤᠨ ᠪᠢᠴᠢᠭᠰᠡᠨ ᠦᠰᠦᠭ ᠢ ᠬᠡᠯᠡᠵᠦ ᠪᠤᠢ ᠃ ᠪᠢᠴᠢᠭᠰᠡᠨ ᠣᠨᠴᠠᠯᠢᠭ ᠲᠤ  ᠨᠢ ᠦᠨᠳᠦᠰᠦᠯᠡᠨ ᠲᠠᠲᠠᠯᠭᠠᠨ ᠲᠢᠭ ᠦᠨ ᠪᠢᠴᠢᠯᠭᠡ ᠂ ᠬᠢᠴᠢᠶᠡᠩᠭᠦᠢ ᠲᠢᠭ ᠦᠨ ᠪᠢᠴᠢᠯᠭᠡ ᠭᠡᠵᠦ ᠢᠯᠭᠠᠵᠤ ᠨᠡᠷᠡᠯᠡᠳᠡᠭ ᠃ ᠥᠰᠥᠨ ᠪᠢᠷ ᠦᠨ ᠪᠢᠴᠢᠯᠭᠡ ᠪᠣᠯ ᠨᠡᠯᠢᠶᠡᠳ ᠰᠡᠭᠦᠯ ᠦᠨ ᠦᠶ᠎ᠡ ᠳᠦ ᠬᠥᠭᠵᠢᠯ ᠢᠶᠡᠨ ᠣᠯᠤᠭᠰᠠᠨ ᠶᠤᠮ ᠃ ᠭᠣᠣᠯᠳᠠᠭᠤ ᠠᠯᠪᠠᠨ ᠪᠢᠴᠢᠭ ᠪᠢᠴᠢᠬᠦ ᠂ ᠬᠣᠣᠰ ᠤᠶᠠᠩᠭ᠎ᠠ ᠪᠢᠴᠢᠬᠦ ᠂ ᠶᠠᠮᠠᠷ ᠨᠢᠭᠡᠨ ᠴᠢᠮᠡᠭᠡᠯᠡᠯ ᠪᠡᠯᠭᠡᠳᠡᠯ ᠦᠨ ᠵᠣᠷᠢᠭᠤᠯᠤᠯᠲᠠ ᠪᠠᠷ ᠪᠢᠴᠢᠬᠦ ᠪᠣᠯᠤᠨ ᠬᠤᠳᠠᠯᠳᠤᠭᠠᠨ ᠤ ᠵᠣᠷᠢᠭᠤᠯᠤᠯᠲᠠ ᠪᠠᠷ ᠪᠢᠴᠢᠳᠡᠭ ᠪᠠᠶᠢᠨ᠎ᠠ ᠃

 

 

1 17 16 15 14 10 11 12 13

 

 

2. ᠬᠠᠲᠠᠭᠤ ᠦᠵᠦᠭ ᠦᠨ ᠪᠢᠴᠢᠯᠭᠡ  ︱

ᠬᠤᠯᠤᠰᠤᠨ ᠦᠵᠦᠭ ᠂ ᠪᠣᠯᠣᠳ ᠪᠢᠷ ᠁ ᠵᠡᠷᠭᠡ ᠬᠠᠲᠠᠭᠤ ᠦᠵᠦᠭ ᠪᠦᠬᠦᠢ ᠬᠡᠷᠡᠭᠰᠡᠯ ᠢᠶᠡᠷ ᠤᠷᠠᠯᠠᠵᠤ ᠪᠢᠴᠢᠭᠰᠡᠨ  ᠦᠰᠦᠭ ᠢ ᠬᠡᠯᠡᠵᠦ ᠪᠤᠢ ᠃ ᠬᠠᠲᠠᠭᠤ ᠦᠵᠦᠭ ᠦᠨ ᠪᠢᠴᠢᠯᠭᠡ ᠳᠦ ᠡᠪᠬᠡᠮᠡᠯ ᠦᠰᠦᠭ ᠭᠣᠣᠯᠯᠠᠨ᠎ᠠ ᠃ ᠭᠡᠪᠡᠴᠦ ᠲᠡᠷᠡ  ᠨᠢ ᠪᠡᠶ᠎ᠡ ᠪᠡᠨ  ᠳᠠᠭᠠᠭᠠᠭᠰᠠᠨ ᠲᠦᠭᠡᠮᠡᠯ ᠬᠡᠷᠡᠭᠯᠡᠭᠡᠨ ᠦ ᠲᠢᠭ ᠪᠣᠯᠵᠤ ᠴᠢᠳᠠᠭᠰᠠᠨ ᠦᠭᠡᠢ ᠃ ᠬᠠᠷᠢᠨ ᠠᠯᠪᠠᠨ ᠲᠠᠮᠠᠭ᠎ᠠ ᠂ ᠨᠡᠷ᠎ᠡ ᠶᠢᠨ ᠲᠠᠮᠠᠭ᠎ᠠ ᠂  ᠵᠠᠷᠯᠢᠭ ᠤᠨ ᠲᠠᠮᠠᠭ᠎ᠠ ᠂ ᠨᠣᠮ ᠰᠤᠳᠤᠷ ᠤᠨ ᠲᠡᠮᠳᠡᠭ ᠂ ᠰᠦᠮ᠎ᠡ ᠬᠡᠶᠢᠳ ᠦᠨ ᠲᠤᠯᠭᠠᠭᠤᠷ ᠤᠨ ᠦᠰᠦᠭ ᠂ ᠬᠣᠣᠰ ᠤᠶᠠᠩᠭ᠎ᠠ ᠪᠠ  ᠡᠭᠦᠳᠡ ᠬᠠᠭᠠᠯᠭ᠎ᠠ ᠂ ᠬᠡᠷᠡᠮ ᠬᠠᠨ᠎ᠠ ᠶᠢᠨ ᠴᠢᠮᠡᠭᠡᠯᠡᠯ ᠵᠡᠷᠭᠡ ᠳᠦ ᠲᠤᠰᠬᠠᠢ ᠬᠡᠷᠡᠭᠯᠡᠳᠡᠭ ᠴᠢᠮᠡᠭ ᠤᠷᠠᠯᠠᠯ ᠤᠨ ᠰᠢᠨᠵᠢᠲᠡᠢ ᠪᠡᠷ  ᠬᠡᠷᠡᠭᠯᠡᠭᠳᠡᠳᠡᠭ ᠪᠠᠶᠢᠨ᠎ᠠ ᠃ ᠮᠣᠩᠭᠣᠯ ᠡᠪᠬᠡᠮᠡᠯ ᠦᠰᠦᠭ  ᠨᠢ ᠬᠤᠪᠢᠯᠠᠢ ᠬᠠᠭᠠᠨ ᠤ ᠦᠶ᠎ᠡ ᠳᠦ ᠵᠣᠬᠢᠶᠠᠭᠳᠠᠭᠰᠠᠨ ᠳᠥᠷᠪᠡᠯᠵᠢᠨ  ᠦᠰᠦᠭ ᠦᠨ ᠳᠠᠷᠠᠭ᠎ᠠ ᠂ ᠪᠠᠷᠤᠭ ᠶᠤᠸᠠᠨ ᠤ ᠰᠡᠭᠦᠯᠴᠢ ᠮᠢᠩ ᠤᠯᠤᠰ ᠤᠨ ᠡᠬᠢᠨ ᠦ ᠬᠤᠭᠤᠴᠠᠭᠠᠨ ᠳᠤ ᠵᠣᠬᠢᠶᠠᠭᠳᠠᠭᠰᠠᠨ ᠪᠣᠯᠤᠮᠵᠢ  ᠲᠠᠢ ᠃ ᠣᠳᠣ ᠣᠯᠳᠠᠭᠠᠳ ᠪᠠᠶᠢᠭ᠎ᠠ ᠬᠠᠮᠤᠭ ᠤᠨ ᠡᠷᠲᠡᠨ ᠦ ᠡᠪᠬᠡᠮᠡᠯ ᠦᠰᠦᠭ ᠦᠨ ᠳᠤᠷᠠᠰᠬᠠᠯ ᠪᠣᠯ 1246 ᠣᠨ ᠳᠤ ᠦᠭᠡᠲᠡᠢ  ᠬᠠᠭᠠᠨ ᠤ ᠬᠦᠦ ᠭᠦᠶᠦᠭ ᠬᠠᠭᠠᠨ ᠰᠢᠷᠡᠭᠡᠨ ᠳᠦ ᠰᠠᠭᠤᠬᠤ ᠳᠤ ᠪᠠᠨ ᠡᠧᠣᠷᠦᠫᠠ ᠠᠴᠠ ᠢᠷᠡᠭᠰᠡᠨ ᠡᠯᠴᠢ ᠳᠦ ᠥᠭᠭᠦᠭᠰᠡᠨ ᠲᠥᠷᠥ  ᠶᠢᠨ ᠪᠢᠴᠢᠭ ᠳᠡᠭᠡᠷ᠎ᠡ ᠳᠠᠷᠤᠭᠰᠠᠨ ᠮᠣᠩᠭᠣᠯ ᠤᠨ ᠶᠡᠬᠡ ᠬᠠᠭᠠᠨ ᠤ ᠲᠠᠮᠠᠭ᠎ᠠ ᠶᠤᠮ ᠃

 

 

 

 

8 7 6 5 4 2aa

 

ᠭᠠᠷ ᠤᠷᠠᠯᠠᠯ ᠤᠨ ᠤᠷᠠᠨ ᠪᠢᠴᠢᠯᠭᠡ

ᠭᠠᠷ ᠤᠷᠠᠯᠠᠯ ᠤᠨ ᠤᠷᠠᠨ ᠪᠢᠴᠢᠯᠭᠡ

ᠭᠠᠷ ᠤᠷᠠᠯᠠᠯ ᠤᠨ ᠤᠷᠠᠨ ᠪᠢᠴᠢᠯᠭᠡ

ᠭᠠᠷ ᠤᠷᠠᠯᠠᠯ ᠤᠨ ᠤᠷᠠᠨ ᠪᠢᠴᠢᠯᠭᠡ

ᠭᠠᠷ ᠤᠷᠠᠯᠠᠯ ᠤᠨ ᠤᠷᠠᠨ ᠪᠢᠴᠢᠯᠭᠡ

ᠭᠠᠷ ᠤᠷᠠᠯᠠᠯ ᠤᠨ ᠤᠷᠠᠨ ᠪᠢᠴᠢᠯᠭᠡ

ᠰᠢᠭᠦᠮᠵᠢ