• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠠᠷ ᠤᠷᠠᠯᠠᠯ ᠤᠨ ᠣᠶᠣᠳᠠᠯ ᠦᠢᠯᠡ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 51.89 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠭᠠᠷ ᠤᠷᠠᠯᠠᠯ ︱ ᠣᠶᠣᠳᠠᠯ ᠦᠢᠯᠡ

 

1 default2015-11-25-55b541bcca-6cd0-4f50-b938-b5c1e7a9cc4f 37 36 32 33 34 35 31 27 26 30 29 25 24 28 23 22 21 20 16 17 18 19 15 14 13 12 11 10 9 8 7 6 2 3 5

 

 

ᠮᠣᠩᠭᠣᠯᠴᠤᠳ ᠤᠨ ᠣᠶᠣᠳᠠᠯ ᠦᠢᠯᠡ ᠶᠢᠨ ᠤᠯᠠᠮᠵᠢᠯᠠᠯ  ᠨᠢ ᠮᠠᠰᠢ ᠥᠨᠢ ᠤᠳᠠᠭᠠᠨ ᠲᠡᠦᠬᠡ ᠲᠡᠢ ᠪᠥᠭᠡᠳ ᠪᠠᠶᠠᠯᠢᠭ ᠭᠦᠨ ᠠᠭᠤᠯᠭ᠎ᠠ ᠲᠠᠢ ᠪᠠᠶᠢᠳᠠᠭ ᠃ ᠳᠥᠷᠪᠡᠨ ᠤᠯᠠᠷᠢᠯ ᠤᠨ ᠳᠤᠯᠠᠭᠠᠨ ᠰᠡᠷᠢᠭᠦᠨ ᠢ ᠵᠣᠬᠢᠴᠠᠭᠤᠯᠤᠭᠰᠠᠨ ᠳᠡᠪᠡᠯ ᠬᠤᠪᠴᠠᠰᠤ ᠣᠶᠣᠬᠤ ᠠᠴᠠ ᠭᠠᠳᠠᠨ᠎ᠠ ᠲᠥᠷᠥ ᠶᠣᠰᠣᠯᠠᠯ ᠤᠨ ᠬᠤᠪᠴᠠᠰᠤ ᠵᠠᠰᠠᠯ ᠂ ᠱᠠᠰᠢᠨ ᠤ ᠬᠤᠪᠴᠠᠰᠤ ᠵᠠᠰᠠᠯ ᠂ ᠡᠷ᠎ᠡ ᠶᠢᠨ ᠭᠤᠷᠪᠠᠨ ᠨᠠᠭᠠᠳᠤᠮ ᠤᠨ ᠬᠤᠪᠴᠠᠰᠤ ᠵᠠᠰᠠᠯ ᠵᠡᠷᠭᠡ ᠣᠯᠠᠨ ᠵᠦᠢᠯ ᠳᠦ ᠬᠣᠯᠪᠣᠭᠳᠠᠳᠠᠭ ᠃ ᠮᠥᠨ ᠴᠣ ᠭᠣᠶᠣᠯᠠᠯ ᠪᠠ ᠡᠳ᠋ᠯᠡᠭᠡᠨ ᠳᠦ ᠵᠣᠷᠢᠭᠤᠯᠵᠤ ᠬᠠᠳᠬᠤᠮᠠᠯ ᠂ ᠨᠡᠬᠡᠮᠡᠯ ᠂ ᠰᠢᠷᠢᠮᠡᠯ ᠂ ᠨᠠᠭᠠᠮᠠᠯ ᠵᠦᠢᠯ ᠢ ᠠᠮᠢᠳᠤᠷᠠᠯ ᠳᠤ ᠪᠠᠨ ᠲᠦᠭᠡᠮᠡᠯ ᠠᠰᠢᠭᠯᠠᠳᠠᠭ ᠃ ᠮᠣᠩᠭᠣᠯᠴᠤᠳ ᠤᠨ ᠤᠯᠠᠮᠵᠢᠯᠠᠯ ᠳᠤ ᠂ ᠪᠠᠭ᠎ᠠ ᠨᠠᠰᠤᠨ ᠤ ᠥᠬᠢᠳ ᠦᠳ ᠣᠶᠣᠳᠠᠯ ᠦᠢᠯᠡ ᠳᠦ ᠵᠠᠪᠠᠯ ᠴᠠᠭᠠᠷᠠᠬᠤ ᠬᠡᠷᠡᠭᠲᠡᠢ ᠪᠠᠶᠢᠵᠠᠢ ᠃ ᠣᠶᠣᠳᠠᠯ ᠦᠢᠯᠡ ᠳᠦ ᠰᠠᠶᠢᠨ ᠪᠠᠶᠢᠬᠤ ᠡᠰᠡᠬᠦ ᠪᠣᠯ ᠮᠣᠩᠭᠣᠯ ᠡᠮᠡᠭᠲᠡᠶᠢᠴᠦᠳ ᠦᠨ ᠠᠵᠢᠯᠴᠢ ᠂ ᠠᠮᠢᠳᠤᠷᠠᠯ ᠠᠬᠤᠢ ᠪᠠᠨ ᠰᠠᠶᠢᠬᠠᠨ ᠠᠪᠴᠤ ᠶᠠᠪᠤᠵᠤ ᠴᠢᠳᠠᠬᠤ ᠡᠰᠡᠬᠦ ᠶᠢ ᠰᠢᠨᠵᠢᠬᠦ ᠴᠢᠬᠤᠯᠠ ᠦᠨᠳᠦᠰᠦᠯᠡᠯ ᠪᠣᠯᠵᠤ ᠪᠠᠶᠢᠭᠰᠠᠨ ᠶᠤᠮ ᠃ ᠮᠣᠩᠭᠣᠯ ᠪᠦᠰᠡᠭᠦᠶᠢᠴᠦᠳ ᠦᠨ ᠣᠶᠣᠳᠠᠯ ᠦᠢᠯᠡ ᠳᠦ ᠭᠣᠣᠯᠳᠠᠭᠤ ᠳᠡᠪᠡᠯ ᠬᠤᠪᠴᠠᠰᠤ ᠂ ᠵᠣᠳᠣᠭ ᠲᠤᠤᠱᠤᠤ ᠂ ᠱᠠᠬᠠᠢ ᠭᠤᠲᠤᠯ ᠣᠶᠣᠬᠤ ᠂ ᠢᠰᠡᠭᠡᠢ ᠰᠢᠷᠢᠬᠦ ᠂ ᠪᠤᠷᠬᠠᠨ ᠤ ᠭᠦᠷᠦᠭ ᠵᠢᠷᠤᠭ ᠬᠠᠳᠬᠤᠮᠠᠯᠯᠠᠬᠤ ᠂ ᠬᠡ ᠤᠭᠠᠯᠵᠠ ᠬᠠᠳᠬᠤᠯᠠᠬᠤ ᠂ ᠬᠠᠪᠲᠠᠭ᠎ᠠ ᠲᠡᠯᠢᠩ ᠣᠶᠣᠬᠤ ᠵᠡᠷᠭᠡ ᠮᠠᠰᠢ ᠣᠯᠠᠨ ᠵᠦᠢᠯ ᠪᠠᠭᠲᠠᠨ᠎ᠠ ᠃ ᠡᠳᠡᠭᠡᠷ  ᠨᠢ ᠡᠳ᠋ᠯᠡᠭᠡ ᠬᠡᠷᠡᠭᠯᠡᠭᠡᠨ ᠦ ᠱᠠᠭᠠᠷᠳᠠᠯᠭ᠎ᠠ ᠳᠤ ᠬᠣᠯᠪᠣᠭᠳᠠᠬᠤ ᠪᠠᠷ ᠪᠠᠷᠠᠬᠤ ᠦᠭᠡᠢ ᠂ ᠭᠤᠸ᠎ᠠ ᠲᠠᠭᠠᠰᠢᠶᠠᠯ ᠤᠨ ᠬᠡᠷᠡᠭᠴᠡᠭᠡ ᠶᠢ ᠴᠣ ᠳᠠᠪᠬᠤᠷ ᠠᠩᠬᠠᠷᠴᠤ ᠂ ᠦᠵᠡᠬᠦ ᠳᠦ ᠭᠤᠶᠤ ᠂ ᠡᠳ᠋ᠯᠡᠬᠦ ᠳᠦ ᠪᠥᠬᠡ ᠪᠠᠶᠢᠬᠤ ᠶᠢ ᠮᠠᠰᠢ ᠴᠢᠬᠤᠯᠠᠴᠢᠯᠠᠳᠠᠭ ᠪᠠᠶᠢᠵᠠᠢ ᠃ ᠣᠶᠣᠳᠠᠯ ᠦᠢᠯᠡ  ᠶᠢᠨ ᠨᠠᠷᠢᠨ ᠮᠡᠷᠭᠡᠵᠢᠯ ᠳᠦ ᠰᠢᠳᠡᠬᠦ ᠂ ᠬᠦᠪᠦᠷᠢᠳᠬᠦ ᠂ ᠲᠣᠪᠬᠢᠬᠤ ᠂ ᠬᠠᠪᠤᠬᠤ ᠂ ᠱᠠᠭᠯᠠᠬᠤ ᠂ ᠨᠥᠬᠥᠬᠦ ᠂ ᠲᠠᠨᠤᠯᠴᠠᠬᠤ ᠂ ᠨᠡᠪᠲᠡᠭᠡᠯᠡᠬᠦ ᠂ ᠴᠤᠪᠤᠷᠠᠭᠤᠯᠬᠤ ᠂ ᠡᠮᠬᠡᠷᠢᠳᠬᠦ ᠂ ᠰᠢᠷᠢᠬᠦ ᠂ ᠵᠡᠭᠦᠦ ᠣᠷᠢᠶᠠᠬᠤ ᠂ ᠰᠠᠮᠨᠠᠬᠤ ᠂ ᠬᠠᠳᠬᠤᠮᠠᠯᠯᠠᠬᠤ ᠵᠡᠷᠭᠡ ᠣᠯᠠᠨ ᠮᠡᠷᠭᠡᠵᠢᠯ ᠪᠤᠢ ᠃ ᠣᠶᠣᠳᠠᠯ ᠦᠢᠯᠡ ᠶᠢᠨ ᠴᠢᠮᠡᠭᠡᠯᠡᠯ ᠪᠣᠯᠭᠠᠵᠤ ᠂ ᠠᠯᠤᠬᠠᠨ ᠬᠡ ᠂ ᠥᠯᠵᠡᠢ ᠵᠠᠩᠭᠢᠶ᠎ᠠ ᠂ ᠲᠦᠮᠡᠨ ᠨᠠᠰᠤᠲᠤ ᠬᠡ ᠂ ᠭᠠᠯ ᠤᠨ ᠬᠡ ᠂ ᠡᠭᠦᠯᠡᠨ ᠬᠡ ᠂ ᠬᠠᠮᠠᠷ ᠤᠭᠠᠯᠵᠠ ᠁ ᠵᠡᠷᠭᠡ ᠣᠯᠠᠨ ᠵᠦᠢᠯ ᠦᠨ ᠬᠡ ᠤᠭᠠᠯᠵᠠ ᠶᠢ ᠡᠯ᠎ᠡ ᠵᠦᠢᠯ ᠦᠨ ᠠᠷᠭ᠎ᠠ ᠪᠠᠷ ᠤᠷᠠᠯᠠᠳᠠᠭ ᠃ ᠢᠯᠠᠩᠭᠤᠶ᠎ᠠ ᠪᠤᠷᠬᠠᠨ ᠱᠠᠰᠢᠨ ᠤ ᠭᠦᠷᠦᠭ ᠵᠢᠷᠤᠭ ᠤᠨ ᠵᠦᠢᠯ ᠢ ᠣᠶᠣᠵᠤ ᠬᠠᠳᠬᠤᠮᠠᠯᠯᠠᠬᠤ ᠳᠤ ᠮᠠᠰᠢ ᠨᠠᠷᠢᠨ ᠮᠡᠷᠭᠡᠵᠢᠯ ᠂ ᠥᠩᠭᠡ ᠵᠣᠬᠢᠴᠠᠯ ᠂ ᠤᠴᠢᠷ ᠤᠳᠬ᠎ᠠ ᠂ ᠶᠣᠰᠣ ᠵᠢᠷᠤᠮ ᠪᠠ ᠪᠡᠯᠭᠡᠳᠡᠯ ᠰᠠᠨᠠᠭ᠎ᠠ ᠶᠢ ᠠᠩᠬᠠᠷᠳᠠᠭ ᠪᠠᠶᠢᠨ᠎ᠠ ᠃

 

 

 

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠭᠠᠷ ᠤᠷᠠᠯᠠᠯ ᠤᠨ ᠣᠶᠣᠳᠠᠯ ᠦᠢᠯᠡ

ᠰᠢᠭᠦᠮᠵᠢ