• 1 ℃
    2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠭᠠᠷ ᠤᠷᠠᠯᠠᠯ ᠤᠨ ᠬᠡ ᠤᠭᠠᠯᠵᠠ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 15.70 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠭᠠᠷ ᠤᠷᠠᠯᠠᠯ ︱ ᠬᠡ ᠤᠭᠠᠯᠵᠠ

 

12 default2015-11-25-21bb1e9741-18fa-4c32-acb3-4864136ad0f7 default2015-11-25-21c9d53542-be1f-477f-bed9-1c5c90095f8c default2015-11-25-24a0e823b5-ce3a-4848-9143-0f97f8fbb75c default2015-11-25-24b63113c9-0dc4-425d-a570-01825c18b2b8 default2015-11-25-24c7edd338-e3b0-4254-817d-478ca046646b default2015-11-25-24c3116c2a-b879-40dc-82f3-987d8eadc718 default2015-11-25-25b6385cd3-0c3f-4af5-b42b-2100f50ffe46 default2015-11-25-25ba4a6a0a-8219-41b4-97ba-d547f26db564 default2015-11-25-25da3bbd3e-ca51-4ec3-89de-c0ebab5b251c default2015-11-25-25ed18a586-222a-4a06-aab0-929297c49c43 default2015-11-25-226b63f314-0119-49d6-be13-fa4a326809ab default2015-11-25-241c6fcd20-aa87-498b-bc06-7005363968fb default2015-11-25-244c47531a-db4f-46c2-8098-ecf6f130a976 default2015-11-25-248a7448d3-0e7e-4543-bf4f-52dcd63daf68 default2015-11-25-253a61ab4b-a12e-4928-bfea-d0e2237d90f5 default2015-11-25-257cb406d9-b2b2-4f90-861f-f795f42c3af8 default2015-11-25-259c1903e0-4b60-454c-84f3-486aeca38348 default2015-11-25-259e69f2b9-a869-48e7-a980-838d9289fb09 default2015-11-25-2232f3f9d8-46f0-481a-b8e1-71fa93e672b8 default2015-11-25-2245adcb0f-0585-432f-867f-1ed59ff760b6 default2015-11-25-2371a4b439-8f0b-45c5-9077-e976238b8919 default2015-11-25-2463eebbc1-2c6b-4c49-aa5c-de6c91932d69 default2015-11-25-2477cff877-36ed-4fcd-a2f8-a10ebc6e7ad2 default2015-11-25-2491d5387d-320c-4030-a970-4534121e6dcc default2015-11-25-24480a8ef9-06a0-4479-b0fe-7b5105ec6cbb default2015-11-25-24719bd23c-ff20-419c-bf8f-f30e20eee145 default2015-11-25-25489bda60-708d-4f79-826d-ee9bfe622634 default2015-11-25-25898baa66-b446-4a46-9201-3e9f3a04b0dc default2015-11-25-253980a113-6541-4922-8a68-639b9eee34e5 default2015-11-25-2549719ab1-79ed-4b76-b542-dc5968df526c default2015-11-25-2466710647-8b30-4239-a1b8-68de1e787812

 

 

ᠮᠣᠩᠭᠣᠯᠴᠤᠳ ᠤᠨ ᠭᠠᠷ ᠤᠷᠠᠯᠠᠯ ᠳᠤ ᠬᠡ ᠤᠭᠠᠯᠵᠠ ᠮᠠᠰᠢ ᠴᠢᠬᠤᠯᠠ ᠪᠠᠶᠢᠷᠢ ᠶᠢ ᠡᠵᠡᠯᠡᠨ᠎ᠡ ᠃ ᠮᠣᠩᠭᠣᠯᠴᠤᠳ ᠤᠨ ᠠᠯᠢᠪᠠ ᠡᠳ᠋ᠯᠡᠯ ᠬᠡᠷᠡᠭᠰᠡᠯ ᠂ ᠵᠠᠰᠠᠯ ᠴᠢᠮᠡᠭ ᠂ ᠵᠢᠷᠤᠭ ᠰᠡᠶᠢᠯᠪᠦᠷᠢ ᠶᠢᠨ ᠠᠯᠢ  ᠨᠢ ᠴᠣ ᠬᠡ ᠤᠭᠠᠯᠵᠠ ᠲᠠᠢ ᠨᠢᠭᠲᠠ ᠬᠣᠯᠪᠣᠭ᠎ᠠ ᠲᠠᠢ ᠪᠠᠶᠢᠳᠠᠭ ᠃ ᠮᠣᠩᠭᠣᠯᠴᠤᠳ ᠤᠨ ᠬᠡ ᠤᠭᠠᠯᠵᠠ ᠮᠠᠰᠢ ᠣᠯᠠᠨ ᠲᠥᠷᠥᠯ ᠪᠣᠯᠪᠠᠴᠤ ᠦᠨᠳᠦᠰᠦᠨ ᠳᠦ  ᠨᠢ ᠳᠦᠷᠰᠦᠲᠦ ᠬᠡ ᠤᠭᠠᠯᠵᠠ ᠪᠠ ᠭᠸᠣᠮᠧᠲ᠋ᠷᠢ  ᠶᠢᠨ ᠬᠡ ᠤᠭᠠᠯᠵᠠ ᠭᠡᠵᠦ ᠬᠣᠶᠠᠷ ᠶᠡᠬᠡ ᠲᠥᠷᠥᠯ ᠳᠦ ᠬᠤᠪᠢᠶᠠᠨ ᠣᠶᠢᠯᠠᠭᠠᠵᠤ ᠪᠣᠯᠤᠨ᠎ᠠ ᠃ ᠳᠦᠷᠰᠦᠲᠦ ᠬᠡ ᠤᠭᠠᠯᠵᠠ ᠳᠤ ᠪᠠᠶᠢᠭᠠᠯᠢ  ᠶᠢᠨ ᠠᠮᠢᠲᠠᠨ ᠤᠷᠭᠤᠮᠠᠯ ᠂ ᠶᠠᠭᠤᠮ᠎ᠠ ᠦᠵᠡᠭᠳᠡᠯ ᠦᠨ ᠤᠤᠯ ᠳᠦᠷᠰᠦ ᠪᠡᠷ ᠰᠡᠳᠦᠪᠯᠡᠭᠰᠡᠨ  ᠨᠢ ᠣᠯᠠᠨ ᠪᠥᠭᠡᠳ ᠪᠡᠯᠭᠡᠳᠡᠯ ᠤᠳᠬ᠎ᠠ ᠶᠡᠬᠡᠲᠡᠢ ᠪᠠᠶᠢᠳᠠᠭ ᠃ ᠵᠢᠱᠢᠶᠡᠯᠡᠪᠡᠯ ᠄ ᠡᠪᠡᠷ ᠤᠭᠠᠯᠵᠠ ᠂ ᠯᠣᠣ ᠭᠠᠷᠤᠳᠢ ᠂ ᠬᠠᠮᠠᠷ ᠤᠭᠠᠯᠵᠠ ᠂ ᠡᠭᠦᠯᠡᠨ ᠤᠭᠠᠯᠵᠠ ᠂ ᠡᠪᠡᠰᠦᠨ ᠤᠭᠠᠯᠵᠠ ᠂ ᠠᠯᠤᠬᠠᠨ ᠬᠡ ᠁ ᠵᠡᠷᠭᠡ ᠶᠢ ᠳᠤᠷᠠᠳᠴᠤ ᠪᠣᠯᠤᠨ᠎ᠠ ᠃ ᠭᠸᠣᠮᠧᠲ᠋ᠷᠢ ᠶᠢᠨ ᠬᠡ ᠤᠭᠠᠯᠵᠠ  ᠨᠢ ᠬᠡᠳᠦᠶᠢᠪᠡᠷ ᠪᠠᠶᠢᠭᠠᠯᠢ ᠶᠢᠨ ᠶᠠᠭᠤᠮ᠎ᠠ ᠦᠵᠡᠭᠳᠡᠯ ᠲᠡᠢ ᠬᠣᠯᠪᠣᠭ᠎ᠠ ᠲᠠᠢ ᠪᠣᠯᠪᠠᠴᠤ ᠣᠯᠠᠨ ᠵᠠᠭᠤᠨ ᠵᠢᠯ ᠦᠨ ᠬᠤᠷᠢᠶᠠᠩᠭᠤᠶᠢᠯᠠᠨ ᠬᠡᠶᠢᠰᠪᠦᠷᠢᠵᠢᠭᠦᠯᠦᠭᠰᠡᠨ ᠶᠠᠪᠤᠴᠠ  ᠶᠢ ᠲᠤᠭᠤᠯᠤᠨ ᠭᠸᠣᠮᠧᠲ᠋ᠷᠢ ᠶᠢᠨ ᠲᠡᠭᠰᠢ ᠭᠡᠮ ᠲᠡᠢ ᠣᠨᠴᠠᠯᠢᠭ ᠢ ᠪᠦᠷᠢᠯᠳᠦᠭᠦᠯᠦᠭᠰᠡᠨ ᠪᠠᠶᠢᠨ᠎ᠠ ᠃ ᠬᠠᠮᠤᠭ ᠤᠨ ᠲᠥᠯᠥᠭᠡᠯᠡᠬᠦ ᠰᠢᠨᠵᠢ  ᠲᠡᠢ  ᠨᠢ ᠥᠯᠵᠡᠢ ᠵᠠᠩᠭᠢᠶ᠎ᠠ ᠶᠤᠮ ᠃ ᠡᠳᠡᠭᠡᠷ ᠬᠡ ᠤᠭᠠᠯᠵᠠ  ᠨᠢ ᠪᠦᠷ ᠶᠠᠮᠠᠷ ᠨᠢᠭᠡᠨ ᠪᠡᠯᠭᠡᠳᠡᠯ ᠰᠠᠨᠠᠭ᠎ᠠ ᠲᠠᠢ ᠃ ᠵᠢᠱᠢᠶᠡᠯᠡᠪᠡᠯ ᠬᠠᠮᠠᠷ ᠤᠭᠠᠯᠵᠠ ᠶᠢ ᠮᠣᠩᠭᠣᠯᠴᠤᠳ ︽ ᠥᠯᠵᠡᠢ ᠬᠤᠲᠤᠭ ︾ ᠤᠨ ᠪᠡᠯᠭᠡ ᠲᠡᠮᠳᠡᠭ ᠭᠡᠳᠡᠭ ᠃ ᠡᠷᠲᠡ ᠤᠷᠢᠳᠤ ᠶᠢᠨ ᠴᠠᠭ ᠲᠤ ᠨᠢᠭᠡ ᠪᠠᠶᠠᠨ ᠴᠠᠰᠤ ᠴᠠᠭᠠᠨ ᠮᠣᠩᠭᠣᠯ ᠬᠡᠷ ᠪᠠᠷᠢᠭᠠᠳ ᠡᠯ᠎ᠡ ᠭᠠᠵᠠᠷ ᠠᠴᠠ ᠣᠯᠠᠨ ᠤᠷᠠᠴᠤᠳ ᠵᠠᠯᠠᠵᠤ ᠬᠡ ᠤᠭᠠᠯᠵᠠ ᠵᠢᠷᠤᠭᠤᠯᠤᠨ ᠴᠢᠮᠡᠭᠯᠡᠵᠦ  ᠭᠡᠨ᠎ᠡ ᠃ ᠭᠡᠪᠡᠴᠦ ᠨᠥᠭᠥᠭᠡ ᠪᠠᠶᠠᠨ ᠠᠯᠢ ᠶᠢ  ᠨᠢ ᠴᠣ ᠲᠣᠭᠣᠭᠰᠠᠨ ᠦᠭᠡᠢ ᠪᠠᠶᠢᠵᠠᠢ ᠃ ᠶᠠᠭ ᠡᠨᠡ ᠦᠶ᠎ᠡ ᠳᠦ ᠬᠣᠯᠠ ᠠᠴᠠ ᠨᠢᠭᠡ ᠦᠬᠡᠷ ᠦᠨᠡᠰᠦᠨ ᠣᠪᠣᠭ᠎ᠠ ᠶᠢ ᠦᠨᠦᠷᠲᠦᠵᠦ ᠠᠪᠤᠭᠠᠳ ᠳᠠᠷᠠᠭ᠎ᠠ  ᠨᠢ ᠮᠣᠩᠭᠣᠯ ᠬᠡᠷ ᠦᠨ ᠢᠰᠡᠭᠡᠢ ᠳᠡᠭᠡᠷ᠎ᠡ ᠬᠠᠮᠠᠷ ᠢᠶᠠᠷ ᠢᠶᠠᠨ ᠤᠭᠠᠯᠵᠠ ᠳᠠᠷᠤᠭᠰᠠᠨ ᠭᠡᠨ᠎ᠡ ᠃ ᠲᠡᠭᠦᠨ ᠡᠴᠡ ᠬᠣᠶᠢᠰᠢ ᠮᠣᠩᠭᠣᠯᠴᠤᠳ ᠬᠠᠮᠠᠷ ᠤᠭᠠᠯᠵᠠ ᠶᠢ ᠮᠠᠰᠢ ᠪᠡᠯᠭᠡᠰᠢᠶᠡᠨ  ᠬᠡᠷᠡᠭᠡᠯᠡᠬᠦ ᠪᠣᠯᠤᠭᠰᠠᠨ ᠭᠡᠳᠡᠭ ᠦᠯᠢᠭᠡᠷ ᠪᠠᠶᠢᠳᠠᠭ ᠪᠢᠯᠡ ᠃ ᠬᠡ ᠤᠭᠠᠯᠵᠠ ᠶᠢ ᠬᠡᠯᠪᠡᠷᠢ ᠶᠢᠨ ᠲᠠᠯ᠎ᠠ ᠠᠴᠠ  ᠨᠢ ᠦᠵᠡᠪᠡᠯ ᠲᠠᠩ ᠤᠭᠠᠯᠵᠠ ᠂ ᠨᠡᠶᠢᠯᠡᠮᠡᠯ ᠤᠭᠠᠯᠵᠠ ᠂ ᠦᠷᠭᠦᠯᠵᠢᠯᠡᠭᠰᠡᠨ ᠤᠭᠠᠯᠵᠠ ᠵᠡᠷᠭᠡ ᠠᠳᠠᠯᠢ ᠪᠤᠰᠤ ᠣᠨᠴᠠᠯᠢᠭ ᠲᠠᠢ ᠪᠠᠶᠢᠵᠤ ᠂ ᠲᠡᠭᠰᠢ ᠬᠡᠮᠲᠦ ᠂ ᠦᠷᠭᠦᠯᠵᠢᠯᠡᠭᠰᠡᠨ ᠪᠤᠶᠤ ᠰᠠᠴᠤᠷᠠᠭ ᠬᠡᠯᠪᠡᠷᠢ ᠶᠢ ᠠᠰᠢᠭᠯᠠᠨ ᠥᠩᠭᠡ ᠶᠢᠨ ᠬᠠᠷᠢᠴᠠᠯ ᠲᠣᠳᠣᠷᠬᠠᠢ ᠪᠣᠯᠬᠣᠷ ᠬᠤᠪᠢᠷᠠᠯᠲᠠ ᠶᠡᠬᠡᠲᠡᠢ ᠂ ᠪᠡᠶᠡᠲᠦ ᠰᠡᠷᠡᠭᠳᠡᠯ ᠲᠡᠢ ᠬᠠᠷᠠᠭᠳᠠᠳᠠᠭ ᠃ ᠬᠡ ᠤᠭᠠᠯᠵᠠ ᠶᠢ ᠵᠢᠷᠤᠬᠤ ᠂ ᠰᠡᠶᠢᠯᠬᠦ ᠂ ᠣᠶᠣᠬᠤ ᠂ ᠬᠠᠶᠢᠴᠢᠯᠠᠬᠤ ᠵᠡᠷᠭᠡ ᠪᠡᠷ ᠪᠦᠲᠦᠭᠡᠨ ᠠᠰᠢᠭᠯᠠᠳᠠᠭ ᠃

 

ᠭᠠᠷ ᠤᠷᠠᠯᠠᠯ ᠤᠨ ᠬᠡ ᠤᠭᠠᠯᠵᠠ

ᠭᠠᠷ ᠤᠷᠠᠯᠠᠯ ᠤᠨ ᠬᠡ ᠤᠭᠠᠯᠵᠠ

ᠭᠠᠷ ᠤᠷᠠᠯᠠᠯ ᠤᠨ ᠬᠡ ᠤᠭᠠᠯᠵᠠ

ᠰᠢᠭᠦᠮᠵᠢ