• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠭᠠᠷ ᠤᠷᠠᠯᠠᠯ ᠤᠨ ᠤᠷᠠᠨ ᠵᠢᠷᠤᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 22.73 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠭᠠᠷ ᠤᠷᠠᠯᠠᠯ ︱ ᠤᠷᠠᠨ ᠵᠢᠷᠤᠭ
ᠮᠣᠩᠭᠣᠯ ᠨᠤᠲᠤᠭ ᠤᠨ ᠬᠠᠲᠠ ᠴᠢᠯᠡᠭᠤᠨ᠎ᠠ ᠵᠢᠷᠤᠭᠳᠠᠨ ᠦᠯᠡᠳᠡᠭᠰᠡᠨ ᠬᠠᠲᠠᠨ ᠵᠢᠷᠤᠭ ᠤᠳ ᠮᠣᠩᠭᠣᠯ ᠬᠥᠮᠦᠨ ᠦ ᠡᠪᠦᠭᠡ ᠳᠡᠭᠡᠳᠦᠰ ᠦᠨ ᠦᠯᠡᠳᠡᠭᠡᠭᠰᠡᠨ ᠬᠠᠮᠤᠭ ᠤᠨ ᠡᠷᠲᠡᠨ ᠦ ᠵᠢᠷᠤᠭ ᠪᠠᠶᠢᠭᠰᠠᠨ ᠬᠡᠮᠡᠨ ᠲᠥᠰᠦᠭᠡᠯᠡᠵᠦ ᠪᠣᠯᠤᠨ᠎ᠠ ᠃ ᠲᠤᠬᠠᠢ ᠶᠢᠨ ᠦᠶ᠎ᠡ ᠳᠦ ᠬᠠᠲᠠ ᠴᠢᠯᠠᠭᠤ ᠶᠢ ᠰᠢᠭᠤᠳ ᠶᠠᠮᠠᠷ ᠨᠢᠭᠡᠨ ᠬᠠᠲᠠᠭᠤ ᠵᠦᠢᠯ ᠢᠶᠡᠷ ᠥᠷᠥᠵᠦ ᠣᠷᠣᠮ ᠭᠠᠷᠭᠠᠬᠤ ᠠᠷᠭ᠎ᠠ ᠪᠠᠷ ᠠᠮᠢᠳᠤᠷᠠᠯ ᠠᠬᠤᠢ ᠂ ᠪᠠᠶᠢᠭᠠᠯᠢ ᠶᠢᠨ ᠶᠠᠭᠤᠮ᠎ᠠ ᠦᠵᠡᠭᠳᠡᠯ ᠢ ᠮᠠᠰᠢ ᠲᠣᠪᠴᠢᠬᠠᠨ ᠳᠦᠷᠰᠦᠯᠡᠨ ᠬᠠᠷᠠᠭᠤᠯᠳᠠᠭ ᠪᠠᠶᠢᠭᠰᠠᠨ ᠶᠠᠪᠤᠳᠠᠯ ᠮᠣᠩᠭᠣᠯ ᠵᠢᠷᠤᠭ ᠤᠨ ᠠᠩᠬᠠᠨ ᠤ ᠤᠯᠪᠠᠭ᠎ᠠ ᠪᠠᠶᠢᠭᠰᠠᠨ ᠪᠢᠯᠡ ᠃ ᠰᠡᠭᠦᠯ ᠦᠨ ᠦᠶ᠎ᠡ ᠳᠦ ᠪᠠᠭᠠᠵᠢ ᠡᠳ᠋ᠯᠡᠯ ᠦᠨ ᠬᠥᠭᠵᠢᠯ ᠪᠠ ᠬᠥᠮᠦᠨ ᠦ ᠣᠶᠤᠨ ᠤ ᠴᠢᠳᠠᠪᠬᠢ  ᠶᠢᠨ ᠬᠥᠭᠵᠢᠯ ᠦᠨ ᠳᠠᠭᠠᠤ ᠵᠢᠷᠤᠭ ᠤᠷᠠᠯᠠᠯ ᠬᠥᠭᠵᠢᠵᠦ ᠂ ᠮᠣᠩᠭᠣᠯᠴᠤᠳ ᠤᠨ ᠠᠮᠢᠳᠤᠷᠠᠯ ᠦᠢᠯᠡᠳᠪᠦᠷᠢᠯᠡᠯ ᠂ ᠣᠷᠴᠢᠨ ᠨᠥᠬᠥᠴᠡᠯ ᠂ ᠦᠵᠡᠯᠲᠡ ᠣᠶᠢᠯᠠᠭᠠᠯᠲᠠ ᠠᠴᠠ ᠰᠢᠯᠲᠠᠭᠠᠯᠠᠨ ᠥᠪᠡᠷᠮᠢᠴᠡ ᠣᠨᠴᠠᠯᠢᠭ ᠲᠠᠢ ᠪᠣᠯᠵᠠᠢ ᠃ ᠮᠣᠩᠭᠣᠯᠴᠤᠳ ᠤᠨ ᠵᠢᠷᠤᠭ ᠤᠷᠠᠯᠠᠯ ᠢ ᠶᠡᠷᠦᠩᠬᠡᠢ ᠳᠦ  ᠨᠢ ᠬᠥᠮᠦᠨ ᠂ ᠠᠭᠤᠯᠠ ᠤᠰᠤ ᠂ ᠡᠪᠡᠰᠦ ᠤᠷᠭᠤᠮᠠᠯ ᠂ ᠠᠮᠢᠲᠠᠨ ᠠᠷᠢᠶᠠᠲᠠᠨ ᠂ ᠠᠮᠢᠳᠤᠷᠠᠯ ᠪᠠᠶᠢᠭᠠᠯᠢ ᠶᠢᠨ ᠭᠡᠬᠦᠴᠢᠯᠡᠨ ᠰᠡᠳᠦᠪ ᠢᠶᠡᠷ  ᠨᠢ ᠬᠡᠳᠦᠨ ᠲᠥᠷᠥᠯ ᠳᠦ ᠠᠩᠭᠢᠯᠠᠵᠤ ᠪᠣᠯᠤᠨ᠎ᠠ ᠃ ᠪᠤᠷᠬᠠᠨ ᠱᠠᠰᠢᠨ ᠤ ᠨᠥᠯᠥᠭᠡ ᠪᠡᠷ ᠲᠠᠩᠺᠠ ᠵᠢᠷᠤᠭ ᠤᠨ ᠠᠷᠭ᠎ᠠ ᠮᠣᠩᠭᠣᠯᠴᠤᠳ ᠤᠨ ᠡᠷᠲᠡᠨ ᠦ ᠤᠯᠠᠮᠵᠢᠯᠠᠯ ᠢ ᠨᠥᠯᠥᠭᠡᠯᠡᠵᠦ ᠂ ᠬᠠᠷᠢᠯᠴᠠᠨ ᠨᠤᠭᠤᠰᠤᠯᠠᠭᠠᠳ ᠮᠣᠩᠭᠣᠯ ᠵᠢᠷᠤᠭ ᠤᠷᠠᠯᠠᠯ ᠤᠨ ᠣᠨᠴᠠᠯᠢᠭ ᠢ ᠪᠦᠷᠢᠯᠳᠦᠭᠦᠯᠦᠭᠰᠡᠨ ᠶᠤᠮ ᠃ ᠥᠨᠥᠳᠦᠷ ᠪᠣᠯᠬᠤ ᠳᠤ ᠥᠷᠥᠨᠡᠳᠠᠬᠢᠨ ᠤ ᠤᠷᠠᠨ ᠵᠢᠷᠤᠭ ᠤᠨ ᠠᠷᠭ᠎ᠠ ᠮᠡᠷᠭᠡᠵᠢᠯ ᠴᠣ ᠮᠣᠩᠭᠣᠯᠴᠤᠳ ᠤᠨ ᠤᠷᠠᠨ ᠵᠢᠷᠤᠭ ᠤᠨ ᠬᠥᠭᠵᠢᠯ ᠢ ᠶᠡᠬᠡᠬᠡᠨ ᠨᠥᠯᠥᠭᠡᠯᠡᠵᠦ ᠪᠠᠶᠠᠯᠢᠭᠵᠢᠭᠤᠯᠵᠤ ᠪᠠᠶᠢᠭ᠎ᠠ ᠪᠢᠯᠡ ᠃ ᠤᠷᠠᠨ ᠵᠢᠷᠤᠭ ᠢ ᠬᠠᠲᠠᠨ ᠵᠢᠷᠤᠭ ᠪᠠ ᠦᠨᠳᠦᠰᠦᠲᠡᠨ ᠦ ᠣᠨᠴᠠᠯᠠᠬᠤ ᠵᠢᠷᠤᠭ ᠬᠡᠮᠡᠨ ᠬᠣᠶᠠᠷ ᠲᠥᠷᠥᠯ ᠳᠦ ᠬᠤᠪᠢᠶᠠᠨ ᠲᠠᠨᠢᠯᠴᠠᠭᠤᠯᠤᠶ᠎ᠠ ᠃

 

 

default2015-11-11-54419fc3ff-4147-40b5-b51b-490ad2378294 default2015-11-11-5124d0c771-8b67-4ef1-abf3-b0a1eaab0f75 default2015-11-11-524d860ffd-f5b8-4102-99ff-8e8f053d102e default2015-11-11-53a722cb7f-d0d1-4ab1-b16f-10ce140841c4

 

 

ᠭᠠᠷ ᠤᠷᠠᠯᠠᠯ ︱ ᠦᠨᠳᠦᠰᠦᠲᠡᠨ  ᠤ ᠤᠨᠴᠠᠯᠢᠭᠲᠤ ᠵᠢᠷᠤᠭ

 

ᠦᠨᠳᠦᠰᠦᠲᠡᠨ ᠦ ᠤᠨᠴᠠᠯᠢᠭᠲᠤ  ᠵᠢᠷᠤᠭ ︱ ᠮᠣᠩᠭᠣᠯ ᠦᠨᠳᠦᠰᠦᠲᠡᠨ ᠦ ᠥᠪᠡᠷᠮᠢᠴᠡ ᠤᠨᠴᠠᠯᠢᠭᠲᠤ  ᠤᠷᠠᠨ ᠵᠢᠷᠤᠭ ᠪᠣᠯ ᠮᠣᠩᠭᠣᠯ ᠤᠨ ᠥᠨᠳᠥᠷᠯᠢᠭ ᠳᠡᠭᠡᠷ᠎ᠡ ᠠᠮᠢᠳᠤᠷᠠᠵᠤ ᠪᠠᠶᠢᠭᠰᠠᠨ ᠨᠡᠭᠦᠳᠡᠯᠴᠢᠨ ᠦᠨᠳᠦᠰᠦᠲᠡᠨ ᠨᠦᠭᠦᠳ ᠦᠨ ᠤᠷᠠᠨ ᠵᠢᠷᠤᠭ ᠤᠨ ᠤᠯᠠᠮᠵᠢᠯᠠᠯ ᠶᠤᠮ ᠃ ᠮᠥᠨᠴᠦ ᠮᠣᠩᠭᠣᠯ ᠤᠨ ᠥᠨᠳᠥᠷᠯᠢᠭ ᠦᠨ ᠬᠠᠲᠠ ᠴᠢᠯᠡᠭᠤᠨ᠎ᠠ ᠮᠥᠩᠬᠡᠷᠡᠨ ᠦᠯᠡᠳᠡᠭᠰᠡᠨ ᠡᠷᠲᠡ ᠪᠠᠯᠠᠷ ᠤᠨ ᠵᠢᠷᠤᠭ ᠤᠷᠠᠯᠠᠯ ᠤᠨ ᠤᠯᠠᠮᠵᠢᠯᠠᠯ ᠶᠤᠮ ᠃ ᠨᠡᠭᠦᠳᠡᠯᠴᠢᠨ ᠦᠨᠳᠦᠰᠦᠲᠡᠨ ᠦ ᠠᠯᠢᠪᠠ ᠤᠷᠠᠯᠢᠭ  ᠨᠢ ᠠᠮᠢᠳᠤᠷᠠᠵᠤ ᠪᠠᠶᠢᠭ᠎ᠠ ᠪᠠᠶᠢᠭᠠᠯᠢ ᠭᠠᠵᠠᠷ ᠵᠦᠢ ᠶᠢᠨ ᠣᠷᠴᠢᠨ ᠨᠥᠬᠥᠴᠡᠯ ᠂ ᠠᠮᠢᠳᠤᠷᠠᠯ ᠦᠢᠯᠡᠳᠪᠦᠷᠢᠯᠡᠯ ᠦᠨ ᠬᠡᠯᠪᠡᠷᠢ ᠂ ᠱᠠᠰᠢᠨ ᠰᠢᠲᠦᠯᠭᠡ ᠲᠡᠢ ᠨᠢᠭᠲᠠ ᠬᠣᠯᠪᠣᠭ᠎ᠠ ᠲᠠᠢ ᠪᠣᠯᠬᠣᠷ ᠮᠠᠰᠢ ᠥᠪᠡᠷᠮᠢᠴᠡ ᠣᠨᠴᠠᠯᠢᠭ ᠲᠠᠢ ᠪᠠᠶᠢᠳᠠᠭ ᠃ ᠡᠶᠢᠮᠦ ᠡᠴᠡ ᠮᠣᠩᠭᠣᠯᠴᠤᠳ ᠤᠨ ᠤᠷᠠᠨ ᠵᠢᠷᠤᠭ ᠴᠣ ᠥᠪᠡᠷ ᠦᠨ ᠢᠶᠡᠨ ᠢᠯᠠ ᠲᠣᠳᠣᠷᠬᠠᠢ ᠣᠨᠴᠠᠯᠢᠭ ᠂ ᠬᠡᠪ  ᠨᠠᠮᠪᠠ ᠲᠠᠢ ᠪᠠᠶᠢᠳᠠᠭ ᠪᠢᠯᠡ ᠃ ᠶᠠᠷᠢᠶᠠᠨ ᠦᠭᠡᠢ ᠮᠣᠩᠭᠣᠯᠴᠤᠳ ᠪᠣᠯ ᠳᠤᠮᠳᠠᠳᠤ ᠵᠠᠭᠤᠨ ᠤ ᠦᠶ᠎ᠡ ᠳᠦ ᠳᠡᠯᠡᠬᠡᠢ ᠶᠢᠨ ᠠᠳᠠᠯᠢ ᠪᠤᠰᠤ ᠤᠯᠤᠰ ᠦᠨᠳᠦᠰᠦᠲᠡᠨ ᠢ ᠳᠠᠶᠢᠯᠠᠨ ᠳᠠᠭᠠᠭᠤᠯᠵᠤ ᠂ ᠤᠷᠠᠴᠤᠳ ᠢ  ᠨᠢ ᠬᠡᠷᠡᠭᠯᠡᠳᠡᠭ ᠪᠠᠶᠢᠭᠰᠠᠨ ᠪᠣᠯᠬᠣᠷ ᠲᠡᠳᠡᠭᠡᠷ ᠦᠨᠳᠦᠰᠦᠲᠡᠨ ᠦ ᠵᠢᠷᠤᠭ ᠤᠷᠠᠯᠠᠯ ᠤᠨ ᠵᠠᠷᠢᠮ ᠵᠦᠢᠯ ᠴᠣ ᠠᠭᠤᠰᠤᠨ ᠰᠢᠩᠭᠡᠭᠰᠡᠨ  ᠨᠢ ᠭᠠᠷᠴᠠᠭ᠎ᠠ ᠦᠭᠡᠢ ᠶᠤᠮ ᠃ ᠶᠤᠸᠠᠨ ᠤᠯᠤᠰ ᠤᠨ ᠦᠶ᠎ᠡ ᠳᠦ ᠬᠠᠭᠠᠨ ᠣᠷᠳᠣᠨ ᠤ ᠵᠢᠷᠤᠭ ᠪᠢᠴᠢᠯᠭᠡ ᠶᠢᠨ ᠤᠷᠠᠯᠢᠭ ᠮᠠᠰᠢ ᠬᠥᠭᠵᠢᠵᠦ ᠂ ᠡᠯ᠎ᠡ ᠦᠶ᠎ᠡ ᠶᠢᠨ ᠬᠠᠭᠠᠳ ᠨᠡᠷᠡᠲᠦ ᠵᠢᠷᠤᠭ ᠴᠤᠭᠯᠠᠭᠤᠯᠬᠤ ᠂ ᠵᠢᠷᠤᠭ ᠪᠢᠴᠢᠯᠭᠡ ᠶᠢᠨ ᠪᠠᠶᠢᠷᠢ ᠰᠠᠭᠤᠷᠢ ᠶᠢ ᠥᠨᠳᠥᠷ ᠦᠨᠡᠯᠡᠬᠦ ᠵᠡᠷᠭᠡ ᠪᠡᠷ ᠬᠥᠭᠵᠢᠭᠦᠯᠵᠦ ᠪᠠᠶᠢᠭᠰᠠᠨ ᠪᠠ ᠲᠤᠰᠬᠠᠢ ᠵᠢᠷᠤᠭ ᠪᠢᠴᠢᠯᠭᠡ ᠶᠢᠨ ᠬᠤᠷᠢᠶᠠᠨ ᠬᠠᠳᠠᠭᠠᠯᠠᠬᠤ ᠪᠠᠶᠢᠭᠤᠯᠭ᠎ᠠ ᠴᠣ ᠪᠠᠶᠢᠭᠤᠯᠵᠤ ᠪᠠᠶᠢᠵᠠᠢ ᠃ ᠮᠣᠩᠭᠣᠯᠴᠤᠳ ᠤᠨ ᠤᠷᠠᠨ ᠵᠢᠷᠤᠭ ᠢ ᠡᠷᠬᠢᠮᠯᠡᠬᠦ ᠡᠨᠡ ᠤᠯᠠᠮᠵᠢᠯᠠᠯ ᠮᠢᠩ ᠂ ᠴᠢᠩ ᠤᠯᠤᠰ ᠤᠨ ᠦᠶ᠎ᠡ ᠳᠦ ᠴᠣ ᠤᠯᠠᠮᠵᠢᠯᠠᠯ ᠰᠠᠶᠢᠲᠠᠢ ᠪᠠᠶᠢᠵᠤ ᠂ ᠥᠷᠥᠨᠡᠳᠠᠬᠢᠨ ᠤ ᠤᠷᠠᠨ ᠵᠢᠷᠤᠭ ᠤᠨ ᠠᠷᠭ᠎ᠠ ᠪᠠᠷᠢᠯ ᠤᠨ ᠨᠥᠯᠥᠭᠡ ᠪᠡᠷ ᠴᠣ᠋ ᠰᠢᠨ᠎ᠡ ᠬᠥᠭᠵᠢᠯ ᠲᠡᠢ ᠪᠣᠯᠤᠭᠰᠠᠨ ᠪᠠᠶᠢᠨ᠎ᠠ ᠃ ᠡᠶᠢᠮᠦᠷᠬᠦ ᠠᠳᠠᠯᠢ ᠪᠤᠰᠤ ᠲᠡᠦᠬᠡᠨ ᠴᠠᠭ ᠦᠶ᠎ᠡ ᠳᠦ ᠮᠣᠩᠭᠣᠯ ᠦᠨᠳᠦᠰᠦᠲᠡᠨ ᠦ ᠤᠯᠠᠮᠵᠢᠯᠠᠯᠲᠤ ᠤᠷᠠᠨ ᠵᠢᠷᠤᠭ ᠲᠡᠭᠦᠯᠳᠡᠷᠵᠢᠨ ᠬᠥᠭᠵᠢᠵᠦ ᠂ ᠬᠠᠨᠠᠨ ᠵᠢᠷᠤᠭ ᠂ ᠠᠭᠤᠢ ᠶᠢᠨ ᠵᠢᠷᠤᠭ ᠂ ᠴᠠᠭᠠᠰᠤ ᠪᠠ ᠪᠥᠰ ᠳᠡᠭᠡᠷ᠎ᠡ ᠵᠢᠷᠤᠭᠰᠠᠨ ᠵᠢᠷᠤᠭ ᠂ ᠪᠠᠷ  ᠵᠢᠷᠤᠭ ᠵᠡᠷᠭᠡ ᠣᠯᠠᠨ ᠵᠦᠢᠯ ᠦᠨ ᠵᠢᠷᠤᠭ ᠪᠠᠶᠢᠳᠠᠭ ᠃ ᠢᠵᠠᠭᠤᠷᠲᠠᠳ ᠤᠨ ᠳᠤᠮᠳᠠᠬᠢ ᠡᠶᠢᠮᠦ ᠤᠯᠠᠮᠵᠢᠯᠠᠯ ᠠᠴᠠ ᠭᠠᠳᠠᠨ᠎ᠠ ᠮᠠᠯᠴᠢᠨ ᠮᠣᠩᠭᠣᠯᠴᠤᠳ ᠤᠨ ᠠᠷᠠᠳ ᠤᠨ ᠤᠯᠠᠮᠵᠢᠯᠠᠯᠲᠤ ᠵᠢᠷᠤᠭ ᠴᠣ ᠶᠡᠬᠡ ᠴᠢᠬᠤᠯᠠ ᠪᠠᠶᠢᠷᠢ ᠰᠠᠭᠤᠷᠢ ᠶᠢ ᠡᠵᠡᠯᠡᠬᠦ ᠶᠣᠰᠣᠲᠠᠢ ᠃ ᠥᠪᠡᠷ ᠦᠨ ᠠᠵᠤ ᠠᠮᠢᠳᠤᠷᠠᠯ ᠂ ᠣᠷᠴᠢᠨ ᠪᠠᠶᠢᠭᠠᠯᠢ ᠂ ᠱᠠᠰᠢᠨ ᠰᠢᠲᠦᠯᠭᠡ ᠂ ᠭᠤᠸ᠎ᠠ ᠲᠠᠭᠠᠰᠢᠶᠠᠯ ᠤᠨ ᠬᠡᠷᠡᠭᠴᠡᠭᠡᠨ ᠡᠴᠡ ᠪᠡᠨ ᠡᠭᠦᠰᠪᠦᠷᠢᠯᠡᠨ ᠡᠯᠳᠡᠪ ᠵᠦᠢᠯ ᠦᠨ ᠬᠡ ᠤᠭᠠᠯᠵᠠ ᠂ ᠪᠡᠯᠭᠡᠲᠦ ᠵᠢᠷᠤᠭ ᠂ ᠡᠳ᠋ᠯᠡᠯ ᠬᠡᠷᠡᠭᠰᠡᠯ ᠦᠨ ᠴᠢᠮᠡᠭ ᠵᠢᠷᠤᠭ ᠢ ᠤᠯᠠᠭᠠᠨ ᠂ ᠴᠠᠭᠠᠨ ᠂ ᠬᠥᠬᠡ ᠂ ᠰᠢᠷ᠎ᠠ ᠂ ᠨᠣᠭᠣᠭᠠᠨ ᠂ ᠬᠠᠷ᠎ᠠ ᠵᠡᠷᠭᠡ ᠥᠩᠭᠡ ᠪᠡᠷ ᠵᠢᠷᠤᠵᠤ ᠪᠦᠲᠦᠭᠡᠭᠰᠡᠨ ᠪᠠᠶᠢᠳᠠᠭ ᠪᠢᠯᠡ ᠃

 

ᠭᠠᠷ ᠤᠷᠠᠯᠠᠯ︱  ᠬᠠᠲᠠᠨ ᠬᠠᠨᠠᠨ ᠵᠢᠷᠤᠭ

 

ᠬᠠᠲᠠᠨ ᠵᠢᠷᠤᠭ︱  ᠬᠠᠲᠠᠨ ᠵᠢᠷᠤᠭ ᠪᠣᠯ ᠬᠥᠮᠦᠨ ᠲᠥᠷᠥᠯᠬᠢᠲᠡᠨ ᠦ ᠬᠠᠮᠤᠭ ᠤᠨ ᠡᠷᠲᠡᠨ ᠦ ᠤᠷᠠᠯᠢᠭ ᠤᠨ ᠪᠦᠲᠦᠭᠡᠯ ᠶᠤᠮ ᠃ ᠣᠳᠣ ᠨᠢᠭᠡᠨᠲᠡ ᠣᠯᠳᠠᠭᠠᠳ ᠪᠠᠶᠢᠭ᠎ᠠ ᠬᠠᠲᠠᠨ ᠵᠢᠷᠤᠭ ᠤᠳ ᠪᠣᠯ ᠪᠠᠷᠤᠭ ᠬᠠᠭᠤᠴᠢᠨ ᠴᠢᠯᠠᠭᠤᠨ ᠵᠡᠪᠰᠡᠭ ᠦᠨ ᠰᠡᠭᠦᠯᠴᠢ ᠶᠢᠨ ᠦᠶ᠎ᠡ ᠪᠤᠶᠤ ᠰᠢᠨ᠎ᠡ ᠴᠢᠯᠠᠭᠤᠨ ᠵᠡᠪᠰᠡᠭ ᠦᠨ ᠡᠬᠢᠨ ᠦ ᠦᠶ᠎ᠡ ᠳᠦ ᠪᠦᠲᠦᠭᠡᠭᠳᠡᠭᠰᠡᠨ ᠭᠡᠵᠦ ᠡᠷᠳᠡᠮᠲᠡᠳ ᠦᠵᠡᠳᠡᠭ ᠃ ᠲᠤᠬᠠᠢ ᠶᠢᠨ ᠦᠶ᠎ᠡ ᠶᠢᠨ ᠬᠥᠮᠦᠰ ᠭᠣᠣᠯᠳᠠᠭᠤ ᠨᠠᠷᠢᠯᠢᠭ  ᠴᠢᠯᠠᠭᠤᠨ ᠵᠡᠪᠰᠡᠭ ᠢᠶᠡᠷ ᠥᠷᠥᠵᠦ ᠰᠡᠶᠢᠯᠬᠦ ᠪᠤᠶᠤ ᠠᠮᠢᠲᠠᠨ ᠤ ᠴᠢᠰᠤ ᠵᠡᠷᠭᠡ ᠪᠡᠷ ᠨᠠᠶᠢᠷᠠᠭᠤᠯᠤᠭᠰᠠᠨ ᠪᠣᠳᠣᠭ ᠢᠶᠠᠷ ᠬᠠᠲᠠ ᠴᠢᠯᠡᠭᠤᠨ᠎ᠠ ᠵᠢᠷᠤᠵᠤ ᠦᠯᠡᠳᠡᠭᠡᠭᠰᠡᠨ ᠢᠶᠡᠷ ᠣᠯᠠᠨ ᠮᠢᠩᠭᠠᠨ ᠵᠢᠯ ᠦᠨ ᠰᠠᠯᠬᠢ ᠪᠣᠷᠣᠭᠠᠨ ᠢ ᠲᠤᠭᠤᠯᠵᠤ ᠡᠨᠡ ᠦᠶ᠎ᠡ ᠪᠣᠯᠲᠠᠯ᠎ᠠ ᠦᠯᠡᠳᠡᠵᠦ ᠴᠢᠳᠠᠭᠰᠠᠨ ᠶᠤᠮ ᠃ ᠬᠠᠲᠠᠨ ᠵᠢᠷᠤᠭ  ᠨᠢ ᠬᠥ᠍ᠮᠦᠨ ᠲᠥᠷᠥᠯᠬᠢᠲᠡᠨ ᠦ ᠪᠠᠯᠠᠷ ᠴᠠᠭ ᠦᠶ᠎ᠡ  ᠶᠢᠨ ᠠᠵᠤ ᠠᠬᠤᠢ ᠂ ᠨᠡᠶᠢᠭᠡᠮ ᠦᠨ ᠪᠠᠶᠢᠭᠤᠯᠤᠯ ᠂ ᠤᠷᠠᠯᠢᠭ ᠂ ᠱᠠᠰᠢᠨ ᠰᠢᠲᠦᠯᠭᠡ ᠂ ᠬᠡᠷ ᠪᠦᠯᠢ ᠵᠡᠷᠭᠡ ᠣᠯᠠᠨ ᠲᠠᠯ᠎ᠠ ᠶᠢᠨ ᠰᠤᠳᠤᠯᠭᠠᠨ ᠳᠤ ᠬᠣᠯᠪᠣᠭᠳᠠᠳᠠᠭ ᠢᠶᠠᠷ ᠢᠶᠠᠨ ᠮᠠᠰᠢ ᠦᠨ᠎ᠡ ᠴᠠᠨ᠎ᠠ ᠲᠠᠢ ᠃ ᠬᠠᠲᠠᠨ ᠵᠢᠷᠤᠭ ᠢ ᠵᠢᠷᠤᠬᠤ ᠳᠤ ᠴᠠᠭᠠᠰᠤᠨ ᠳᠡᠭᠡᠷ᠎ᠡ ᠵᠢᠷᠤᠭ ᠵᠢᠷᠤᠬᠤ ᠰᠢᠭ᠍ ᠬᠢᠯᠪᠠᠷᠬᠠᠨ ᠪᠢᠰᠢ ᠂ ᠵᠠᠪᠠᠯ ᠬᠠᠷ᠎ᠠ ᠬᠦᠷᠢᠨ ᠪᠤᠶᠤ ᠴᠡᠩᠬᠡᠷ ᠬᠦᠷᠢᠨ ᠥᠩᠭᠡ ᠲᠡᠢ ᠂ ᠨᠡᠯᠢᠶᠡᠳ ᠲᠡᠭᠰᠢ ᠭᠥᠯᠢᠭᠡᠷ ᠪᠣᠷᠵᠢᠨ ᠴᠢᠯᠠᠭᠤ ᠪᠤᠶᠤ ᠬᠠᠪᠲᠠᠰᠤᠯᠠᠯ᠎ᠠ ᠴᠢᠯᠠᠭᠤᠨ ᠳᠠᠪᠬᠤᠷᠭ᠎ᠠ ᠶᠢ ᠰᠣᠩᠭᠣᠳᠠᠭ ᠃ ᠬᠠᠲᠠᠨ ᠵᠢᠷᠤᠭ ᠢ ᠣᠯᠠᠩᠬᠢ ᠳᠤ ᠪᠠᠨ ᠠᠭᠤᠯᠠ ᠬᠠᠲᠠᠨ ᠤ ᠨᠠᠷᠠ ᠥᠭᠡᠳᠡ ᠬᠠᠷᠠᠭᠰᠠᠨ ᠪᠠᠶᠢᠷᠢᠯᠠᠯ ᠢ ᠰᠣᠩᠭᠣᠳᠠᠭ ᠃ ᠥᠪᠥᠷ ᠮᠣᠩᠭᠣᠯ ᠣᠷᠣᠨ ᠤ ᠬᠠᠲᠠᠨ ᠵᠢᠷᠤᠭ ᠲᠤ ᠮᠤᠨᠢ ᠠᠭᠤᠯᠠᠨ ᠤ ᠬᠠᠲᠠᠨ ᠵᠢᠷᠤᠭ ᠪᠣᠯ ᠬᠡᠪᠴᠢᠶ᠎ᠡ ᠪᠡᠷ ᠬᠠᠮᠤᠭ ᠤᠨ ᠶᠡᠬᠡ ᠂ ᠴᠠᠭ ᠦᠶ᠎ᠡ  ᠨᠢ ᠬᠠᠮᠤᠭ ᠤᠨ ᠡᠷᠲᠡᠨ ᠦ ᠬᠠᠲᠠᠨ ᠵᠢᠷᠤᠭ ᠤᠨ ᠨᠢᠭᠡ ᠶᠤᠮ ᠃ ᠬᠠᠲᠠᠨ ᠵᠢᠷᠤᠭ ᠲᠤ ᠡᠯ᠎ᠡ ᠵᠦᠢᠯ ᠦᠨ ᠠᠮᠢᠲᠠᠨ ᠠᠷᠢᠶᠠᠲᠠᠨ ᠤ ᠵᠢᠷᠤᠭ ᠂ ᠠᠩ ᠠᠩᠨᠠᠯ ᠤᠨ ᠵᠢᠷᠤᠭ ᠂ ᠳᠠᠶᠢᠨ ᠪᠠᠶᠢᠯᠳᠤᠭᠠᠨ ᠂ ᠬᠥᠮᠦᠨ ᠦ ᠵᠢᠷᠤᠭ ᠂ ᠲᠠᠬᠢᠯᠭ᠎ᠠ ᠶᠢᠨ ᠵᠢᠷᠤᠭ ᠂ ᠨᠠᠷᠠ ᠰᠠᠷᠠ ᠣᠳᠣ ᠭᠠᠷᠠᠭ ᠤᠨ ᠵᠢᠷᠤᠭ ᠂ ᠬᠡᠷ ᠰᠠᠭᠤᠴᠠ ᠣᠪᠣᠬᠠᠢ ᠮᠠᠶᠢᠬᠠᠨ ᠤ ᠵᠢᠷᠤᠭ ᠂ ᠡᠯᠳᠡᠪ ᠵᠦᠢᠯ ᠦᠨ ᠢᠮ ᠲᠡᠮᠳᠡᠭ ᠁ ᠵᠡᠷᠭᠡ ᠣᠯᠠᠨ ᠵᠦᠢᠯ ᠦᠨ ᠵᠢᠷᠤᠭ ᠪᠠᠶᠢᠳᠠᠭ ᠃

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠭᠠᠷ ᠤᠷᠠᠯᠠᠯ ᠤᠨ ᠤᠷᠠᠨ ᠵᠢᠷᠤᠭ

ᠰᠢᠭᠦᠮᠵᠢ