• 1 ℃
  2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠩᠭᠣᠯ ᠰᠢᠲᠠᠷ᠎ᠠ ︱ ᠶᠣᠰᠣ ᠵᠦᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 139.49 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-10
 • ᠄   1
 • ᠄   0
 • ᠄   0
 • ᠄  0

 

ᠮᠣᠩᠭᠣᠯ ᠰᠢᠲᠠᠷ᠎ᠠ ︱ ᠶᠣᠰᠣ ᠵᠦᠢ

 

a. ᠱᠦᠭᠦᠯᠴᠡᠭᠡ ᠶᠢᠨ ᠶᠣᠰᠣᠨ ︱

ᠱᠦᠭᠦᠯᠴᠡᠭᠡ ᠭᠡᠳᠡᠭ  ᠨᠢ ᠮᠣᠩᠭᠣᠯ ᠰᠢᠲᠠᠷ᠎ᠠ ᠶᠢᠨ ᠣᠯᠠᠨ ᠵᠦᠢᠯ ᠦᠨ ᠬᠣᠨᠵᠢᠯ ᠢ ᠵᠢᠭᠠᠵᠤ ᠪᠠᠶᠢᠨ᠎ᠠ ᠃ ᠱᠦᠭᠦᠯᠴᠡᠭᠡ ᠶᠢ ᠮᠠᠳ ᠂ ᠲᠠᠤᠭᠡᠢ ᠭᠡᠵᠦ ᠬᠣᠶᠠᠷ ᠶᠡᠬᠡ ᠲᠥᠷᠥᠯ ᠠᠩᠭᠢᠯᠠᠵᠤ ᠪᠠᠶᠢᠭ᠎ᠠ ᠪᠣᠯᠪᠠᠴᠤ ᠲᠠᠤᠭᠡᠢ ᠶᠢᠨ ᠡᠴᠦᠰ ᠲᠦ ᠮᠥᠨ ᠯᠠ ᠮᠠᠳ ᠪᠣᠯᠤᠨ᠎ᠠ ᠃ ᠡᠶᠢᠮᠦ ᠡᠴᠡ ᠲᠡᠷᠡ  ᠨᠢ ᠵᠥᠪᠬᠡᠨ ᠪᠤᠳᠤᠯᠢᠶᠠᠨ ᠲᠠᠢ ᠶᠠᠪᠤᠴᠠ ᠶᠢ ᠥᠩᠭᠡᠷᠡᠭᠡᠭᠰᠡᠨ ᠮᠠᠳ ᠲᠡᠳᠦᠢ ᠶᠤᠮ ᠃ ᠰᠢᠲᠠᠷ᠎ᠠ ᠶᠢᠨ ᠤᠷᠤᠯᠳᠤᠭᠠᠨ ᠳᠤ ᠮᠠᠳ ᠢᠶᠠᠷ ᠬᠣᠨᠵᠢᠯ ᠤᠨ ᠪᠠᠷᠢᠮᠵᠢᠶ᠎ᠠ ᠪᠣᠯᠭᠠᠳᠠᠭ ᠃ ᠮᠠᠳ ᠭᠡᠳᠡᠭ  ᠨᠢ ᠳᠡᠶᠢᠯᠦᠭᠳᠡᠭᠰᠡᠨ ᠲᠠᠯ᠎ᠠ ᠶᠢᠨ ᠨᠣᠶᠠᠨ ᠢ ᠠᠯᠢ ᠨᠢᠭᠡ ᠰᠠᠭᠤᠳᠠᠯ ᠳᠤ ᠶᠠᠮᠠᠷ ᠨᠢᠭᠡ ᠪᠤᠲᠠ ᠪᠤᠶᠤ ᠬᠦᠦ ᠪᠡᠷ ᠱᠠᠯᠠᠭᠠᠳ ᠲᠡᠭᠦᠨ ᠢ ᠵᠠᠶᠢᠯᠠᠬᠤ ᠪᠣᠯᠤᠯᠴᠠᠭ᠎ᠠ ᠦᠭᠡᠢ ᠵᠠᠪᠠᠯ ᠢᠳᠡᠭᠳᠡᠬᠦ ᠪᠣᠯᠭᠠᠭᠰᠠᠨ ᠢ ᠬᠡᠯᠡᠨ᠎ᠡ ᠃ ᠲᠠᠤᠭᠡᠢ ᠪᠣᠯ ᠮᠣᠩᠭᠣᠯ ᠰᠢᠲᠠᠷ᠎ᠠ ᠶᠢᠨ ᠬᠣᠨᠵᠢᠯ ᠤᠨ ᠤᠷᠠᠨ ᠣᠨᠴᠠᠯᠢᠭ ᠮᠥᠨ ᠃ ᠬᠣᠶᠠᠷ ᠡᠲᠡᠭᠡᠳ ᠦᠨ ᠰᠢᠲᠠᠷ᠎ᠠ ᠶᠢᠨ ᠮᠡᠷᠭᠡᠵᠢᠯ ᠦᠨ ᠵᠥᠷᠢᠶ᠎ᠡ ᠶᠠᠮᠠᠷ ᠭᠡᠰᠡᠨ ᠢ ᠲᠠᠤᠭᠡᠢ ᠪᠡᠷ ᠦᠵᠡᠭᠦᠯᠳᠡᠭ ᠃

 

 

x1

 

 

b. ᠤᠷᠤᠯᠳᠤᠬᠤ ᠶᠣᠰᠣᠨ ︱

ᠤᠷᠤᠯᠳᠤᠬᠤ ᠶᠣᠰᠣᠨ ᠳᠤ ᠭᠣᠣᠯᠳᠠᠭᠤ ᠤᠯᠠᠮᠵᠢᠯᠠᠯᠲᠤ ᠠᠷᠭ᠎ᠠ ᠪᠣᠯᠬᠤ ᠨᠤᠭᠤᠯᠤᠭᠠᠰᠤ ᠤᠷᠤᠯᠳᠤᠭᠠᠨ ᠤ ᠳᠦᠷᠢᠮ ᠢ ᠬᠡᠷᠡᠭᠵᠢᠭᠦᠯᠳᠡᠭ ᠃ ᠨᠤᠭᠤᠯᠤᠭᠠᠰᠤ ᠤᠷᠤᠯᠳᠤᠭᠠᠨ ᠪᠣᠯ ᠨᠤᠭᠤᠯᠤᠭ᠎ᠠ ᠪᠦᠷᠢ ᠳᠦ ᠬᠣᠨᠵᠢᠭᠳᠠᠭᠰᠠᠨ ᠬᠥᠮᠦᠰ  ᠨᠢ ᠪᠠᠭᠤᠭᠠᠳ ᠬᠣᠨᠵᠢᠭᠰᠠᠨ ᠬᠥᠮᠦᠰ  ᠨᠢ ᠦᠯᠡᠳᠡᠨ ᠳᠠᠷᠠᠭᠠᠴᠢ ᠶᠢᠨ ᠨᠤᠭᠤᠯᠤᠭᠠᠨ ᠳᠤ ᠣᠷᠣᠯᠴᠠᠵᠤ ᠵᠠᠯᠭᠠᠨ ᠤᠷᠤᠯᠳᠤᠳᠠᠭ ᠃ ᠢᠩᠭᠢᠵᠦ ᠬᠣᠨᠵᠢᠭᠰᠠᠨ  ᠨᠢ ᠳᠠᠪᠰᠢᠵᠤ ᠂ ᠬᠣᠨᠵᠢᠭᠳᠠᠭᠰᠠᠨ  ᠨᠢ ᠬᠣᠴᠣᠷᠤᠭᠰᠠᠭᠠᠷ ᠪᠠᠶᠢᠵᠤ ᠲᠡᠷᠢᠭᠦᠨ ᠳᠡᠳ᠋ ᠰᠢᠯᠭᠠᠷᠠᠳᠠᠭ ᠃ ᠬᠣᠵᠢᠮ  ᠨᠢ ᠤᠷᠤᠯᠳᠤᠬᠤ ᠬᠥᠮᠦᠰ ᠪᠠ ᠴᠠᠭ ᠤᠨ ᠪᠠᠶᠢᠳᠠᠯ ᠢ ᠦᠨᠳᠦᠰᠦᠯᠡᠵᠦ ᠂ ᠳᠤᠭᠤᠶᠢᠯᠠᠩ ᠦᠭᠡᠢ ᠡᠷᠭᠢᠭᠡᠨᠲᠦ ᠤᠷᠤᠯᠳᠤᠭᠠᠨ ᠪᠠ ᠳᠤᠭᠤᠶᠢᠯᠠᠩ ᠬᠤᠪᠢᠶᠠᠭᠰᠠᠨ ᠡᠷᠭᠢᠭᠡᠨᠲᠦ ᠤᠷᠤᠯᠳᠤᠭᠠᠨ ᠤ ᠠᠷᠭ᠎ᠠ ᠶᠢ ᠬᠡᠷᠡᠭᠡᠯᠡᠬᠦ ᠪᠣᠯᠵᠠᠢ ᠃ ᠳᠡᠭᠡᠷ᠎ᠡ ᠦᠶ᠎ᠡ ᠳᠦ ᠮᠣᠩᠭᠣᠯ ᠰᠢᠲᠠᠷ᠎ᠠ ᠶᠢᠨ ᠲᠤᠬᠠᠢ ᠬᠠᠤᠯᠢ ᠪᠠᠷ ᠪᠠᠲᠤᠯᠠᠭᠰᠠᠨ ᠴᠣᠯᠠ ᠲᠠᠰ ᠪᠠ ᠱᠠᠩ ᠪᠡᠯᠡᠭ ᠦᠨ ᠳᠦᠷᠢᠮ ᠪᠠᠶᠢᠭᠰᠠᠨ ᠦᠭᠡᠢ ᠃ ᠭᠡᠪᠡᠴᠦ ᠰᠠᠶᠢᠨ ᠰᠢᠲᠠᠷᠠᠴᠢᠨ ᠢ   ︽ ᠠᠯᠳᠠᠷᠲᠤ ᠰᠢᠲᠠᠷᠠᠴᠢᠨ ︾ ᠪᠤᠶᠤ ︽ ᠰᠠᠶᠢᠨ ᠰᠢᠲᠠᠷᠠᠴᠢᠨ ︾ ᠴᠣᠯᠠ ᠬᠠᠶᠢᠷᠠᠯᠠᠳᠠᠭ ᠪᠠᠶᠢᠵᠠᠢ ᠃ ᠳᠡᠯᠡᠬᠡᠢ ᠶᠢᠨ ᠲᠡᠮᠡᠴᠡᠭᠡᠨ ᠳᠦ ᠡᠯ᠎ᠡ ᠤᠯᠤᠰ ᠣᠷᠣᠨ ᠤ ᠠᠪᠤᠷᠭᠤ ᠰᠢᠳᠠᠷᠴᠢᠳ ᠢ ᠬᠥᠬᠢᠭᠦᠯᠦᠨ ᠳᠡᠯᠡᠬᠡᠢ ᠶᠢᠨ ᠣᠨᠴᠠ ᠲᠠᠰ ᠤᠨ ᠰᠢᠲᠠᠷᠠᠴᠢᠨ ᠂ ᠳᠡᠯᠡᠬᠡᠢ ᠶᠢᠨ ᠠᠪᠤᠷᠭᠤ ᠰᠢᠲᠠᠷᠠᠴᠢᠨ ᠂ ᠰᠢᠲᠠᠷ᠎ᠠ ᠶᠢᠨ ᠬᠣᠯᠪᠣᠭᠠᠨ ᠤ ᠠᠪᠤᠷᠭᠤ ᠰᠢᠲᠠᠷᠠᠴᠢᠨ ᠂ ᠡᠮᠡᠭᠲᠡᠶᠢᠴᠦᠳ ᠦᠨ ᠣᠨᠴᠠ ᠲᠠᠰ ᠤᠨ ᠠᠪᠤᠷᠭᠤ ᠰᠢᠲᠠᠷᠠᠴᠢᠨ ᠂ ᠡᠮᠡᠭᠲᠡᠢ ᠶᠢᠨ ᠳᠡᠯᠡᠬᠡᠢ ᠶᠢᠨ ᠠᠪᠤᠷᠭᠤ ᠰᠢᠲᠠᠷᠠᠴᠢᠨ ᠭᠡᠵᠦ ᠲᠠᠪᠤᠨ ᠲᠠᠰ ᠤᠨ ᠴᠣᠯᠠ ᠣᠯᠭᠣᠳᠠᠭ ᠪᠠᠶᠢᠨ᠎ᠠ ᠃

 

 

x2

 

c. ᠮᠣᠩᠭᠣᠯ ᠰᠢᠲᠠᠷ᠎ᠠ ᠶᠢᠨ ᠴᠡᠭᠡᠷ ᠶᠣᠰᠣᠨ ︱

1.ᠬᠦᠦ ᠶᠢ ᠨᠢᠴᠦᠭᠦᠷᠡᠲᠡᠯ᠎ᠡ ᠢᠳᠡᠵᠦ ᠪᠣᠯᠬᠤ ᠦᠭᠡᠢ ᠃ ᠮᠣᠩᠭᠣᠯᠴᠤᠳ ᠤᠨ ᠤᠯᠠᠮᠵᠢᠯᠠᠯ ᠳᠤ ︽ ᠠᠯᠪᠠᠲᠤ ᠦᠭᠡᠢ ᠨᠣᠶᠠᠨ ᠦᠭᠡᠢ ︾ ᠭᠡᠳᠡᠭ ᠪᠣᠯᠬᠣᠷ ᠨᠣᠶᠠᠨ ᠢ ᠵᠠᠪᠠᠯ ᠬᠦᠦ ᠲᠡᠢ ᠦᠯᠡᠳᠡᠭᠡᠬᠦ ᠶᠣᠰᠣ ᠲᠠᠢ ᠃

2.ᠮᠣᠩᠭᠣᠯ ᠰᠢᠲᠠᠷ᠎ᠠ ᠶᠢᠨ ᠤᠷᠤᠯᠳᠤᠭᠠᠨ ᠳᠤ ᠮᠣᠷᠢ ᠪᠠᠷ ᠮᠠᠳ ᠬᠢᠳᠡᠭ ᠦᠭᠡᠢ ᠃ ᠮᠣᠷᠢ ᠪᠣᠯ ᠮᠣᠩᠭᠣᠯ ᠬᠥᠮᠦᠨ ᠦ ᠬᠡᠶᠢᠮᠣᠷᠢ ᠪᠣᠯᠬᠣᠷ ᠬᠡᠨ ᠴᠣ ᠮᠣᠷᠢᠨ ᠤ ᠪᠠᠨ ᠬᠥᠯ ᠳᠦ ᠦᠷᠡᠭᠳᠡᠬᠦ ᠶᠢ ᠬᠦᠰᠡᠳᠡᠭ ᠦᠭᠡᠢ ᠃ ᠮᠣᠷᠢᠨ ᠮᠠᠳ ᠢ ᠴᠢᠳᠥᠷ ᠮᠠᠳ ᠭᠡᠳᠡᠭ ᠃ ᠬᠡᠷᠪᠡ ᠮᠣᠷᠢ ᠪᠠᠷ ᠮᠠᠳᠯᠠᠪᠠᠯ ᠨᠥᠭᠥᠭᠡᠳᠡᠬᠢ ᠶᠢᠨ ᠢᠶᠡᠨ ᠠᠪᠢᠶᠠᠰ ᠪᠢᠯᠢᠭ ᠢ ᠴᠢᠳᠦᠷᠯᠡᠴᠢᠬᠡᠨ᠎ᠡ ᠭᠡᠵᠦ ᠴᠡᠭᠡᠷᠯᠡᠳᠡᠭ ᠶᠣᠰᠣ ᠲᠠᠢ ᠃ ᠡᠨᠡ ᠪᠣᠯ ᠮᠣᠷᠢ ᠪᠠᠨ ᠳᠡᠭᠡᠳᠦᠯᠡᠬᠦ ᠮᠣᠩᠭᠣᠯ ᠶᠣᠰᠣᠨ ᠲᠠᠢ ᠬᠣᠯᠪᠣᠭ᠎ᠠ ᠲᠠᠢ ᠃

3.ᠪᠡᠷᠰᠡ ᠶᠢ ᠤᠷᠮᠠᠲᠠᠢ ᠪᠡᠷᠰᠡ ᠂ ᠤᠷᠮ᠎ᠠ ᠦᠭᠡᠢ ᠪᠡᠷᠰᠡ ᠭᠡᠵᠦ ᠢᠯᠭᠠᠨ ᠨᠡᠷᠡᠯᠡᠳᠡᠭ ᠃ ᠤᠷᠮ᠎ᠠ ᠲᠠᠢ ᠪᠡᠷᠰᠡ ᠭᠡᠳᠡᠭ  ᠨᠢ ᠡᠩ ᠦᠨ ᠪᠠᠶᠢᠳᠠᠯ ᠳᠠᠬᠢ ᠴᠢᠯᠥᠭᠡᠲᠡᠢ ᠨᠡᠭᠦᠵᠦ ᠪᠣᠯᠳᠠᠭ ᠪᠡᠷᠰᠡ ᠶᠢ ᠬᠡᠯᠡᠵᠦ ᠪᠠᠶᠢᠨ᠎ᠠ ᠃ ᠤᠷᠮ᠎ᠠ ᠦᠭᠡᠢ ᠪᠡᠷᠰᠡ ᠭᠡᠳᠡᠭ  ᠨᠢ ᠵᠢᠰᠢᠭᠦᠦ ᠨᠢᠭᠡ ᠯᠠ ᠠᠯᠬᠤᠮ ᠨᠡᠭᠦᠬᠦ ᠪᠠ ᠬᠥᠨᠳᠡᠯᠡᠨ ᠭᠤᠯᠳᠤ ᠪᠠᠷ ᠬᠠᠩᠭᠠᠢ ᠲᠠᠢ ᠪᠠᠨ ᠠᠳᠠᠯᠢᠬᠠᠨ ᠨᠡᠭᠦᠵᠦ ᠪᠠᠶᠢᠭ᠎ᠠ ᠪᠡᠷᠰᠡ ᠶᠢ ᠬᠡᠯᠡᠵᠦ ᠪᠠᠶᠢᠨ᠎ᠠ ᠃ ᠡᠭᠦᠨ ᠦ ᠤᠴᠢᠷ  ᠨᠢ ᠣᠢ ᠭᠠᠰᠢᠭᠤ ᠲᠠᠢ ᠂ ᠰᠡᠳᠬᠢᠯ ᠳᠠᠭ᠎ᠠ ᠦᠭᠡᠢ ᠦᠶ᠎ᠡ ᠳᠦ ᠢᠩᠭᠢᠵᠦ ᠨᠡᠭᠦᠳᠡᠭ ᠶᠣᠰᠣ ᠲᠠᠢ ᠃ ᠡᠶᠢᠮᠦ ᠲᠣᠬᠢᠶᠠᠯᠳᠤᠯ ᠳᠤ ᠬᠣᠶᠠᠭᠤᠯᠠ ᠪᠠᠨ ᠤᠷᠮ᠎ᠠ ᠦᠭᠡᠢ ᠪᠡᠷᠰᠡ ᠶᠢᠨ ᠨᠡᠭᠦᠳᠡᠯ ᠢᠶᠡᠷ ᠲᠣᠭᠯᠠᠳᠠᠭ ᠃

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠮᠣᠩᠭᠣᠯ ᠰᠢᠲᠠᠷ᠎ᠠ ︱ ᠶᠣᠰᠣ ᠵᠦᠢ

ᠰᠢᠭᠦᠮᠵᠢ