• 1 ℃
    2017ᠣᠨ ᠤ 09ᠰᠠᠷ᠎ᠠ ᠶᠢᠨ 19ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠩᠭᠣᠯ ᠰᠢᠲᠠᠷ᠎ᠠ ︱ ᠮᠣᠩᠭᠣᠯ ᠰᠢᠲᠠᠷ᠎ᠠ ᠶᠢᠨ ᠲᠣᠶᠢᠮᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 4.45 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-10
  • ᠄   1
  • ᠄   0
  • ᠄   0
  • ᠄  0

 

ᠮᠣᠩᠭᠣᠯ ᠰᠢᠲᠠᠷ᠎ᠠ ︱ ᠮᠣᠩᠭᠣᠯ ᠰᠢᠲᠠᠷ᠎ᠠ ᠶᠢᠨ ᠲᠣᠶᠢᠮᠣ

 

ᠨᠠᠶᠢᠳᠠ ᠶᠢᠨ ᠣᠨ ᠲᠣᠭᠠᠯᠠᠯ ᠤᠨ 2 ᠳ᠋ᠤᠭᠠᠷ ᠵᠠᠭᠤᠨ ᠠᠴᠠ 4 ᠳ᠋ᠤᠭᠡᠷ ᠵᠠᠭᠤᠨ ᠤ ᠦᠶ᠎ᠡ ᠪᠡᠷ ᠡᠷᠲᠡᠨ ᠦ ᠡᠨᠡᠳᠬᠡᠭ  ᠲᠦ ᠳᠥᠷᠪᠡᠨ ᠬᠥᠮᠦᠨ ᠨᠠᠭᠠᠳᠳᠠᠭ ︽ᠴᠠᠲ᠋ᠦᠢᠷᠠᠡᠭ᠍ᠭᠢ︾ ᠭᠡᠳᠡᠭ ᠬᠥᠯᠭᠡᠲᠦ ᠨᠠᠭᠠᠳᠤᠮ ᠪᠠᠶᠢᠵᠠᠢ ᠃ ᠡᠨᠡ ᠨᠠᠭᠠᠳᠤᠮ  ᠨᠢ ᠪᠠᠷᠤᠭ ᠣᠨ ᠲᠣᠭᠠᠯᠠᠯ ᠤᠨ 6 ᠳ᠋ᠤᠭᠠᠷ ᠵᠠᠭᠤᠨ ᠤ ᠦᠶ᠎ᠡ ᠪᠡᠷ ᠡᠷᠲᠡᠨ ᠦ ᠫᠧᠷᠰ ᠪᠠ ᠲᠥᠪ ᠠᠽᠢᠶ᠎ᠠ ᠶᠢᠨ ᠤᠯᠤᠰ ᠣᠷᠣᠨ ᠳᠤ ᠤᠯᠠᠮᠵᠢᠯᠠᠭᠳᠠᠵᠤ ᠂ ᠬᠣᠶᠠᠷ ᠬᠥᠮᠦᠨ ᠲᠣᠭᠯᠠᠳᠠᠭ ︽ᠱᠠᠲ᠋ᠡᠷᠠᠡᠭ᠍ᠭᠢ︾ ᠪᠣᠯᠵᠤ ᠬᠤᠪᠢᠷᠠᠵᠠᠢ ᠃ ᠣᠨ ᠲᠣᠭᠠᠯᠠᠯ ᠤᠨ 7 ᠳ᠋ᠤᠭᠠᠷ ᠵᠠᠭᠤᠨ ᠤ ᠦᠶ᠎ᠡ ᠳᠦ ᠠᠷᠠᠪ ᠤᠨ ᠤᠯᠤᠰ ᠤᠳ ᠲᠤ ᠤᠯᠠᠮᠵᠢᠯᠠᠭᠳᠠᠨ ︽ ᠱᠠᠲ᠋ᠷᠠᠨᠵᠠ ︾ ᠭᠡᠵᠦ ᠨᠡᠷᠡᠰᠢᠭᠰᠡᠨ ᠪᠥᠭᠡᠳ ᠮᠣᠩᠭᠣᠯ ᠰᠢᠲᠠᠷ᠎ᠠ ᠪᠣᠯ ︽ ᠱᠠᠲ᠋ᠷᠠᠨᠵᠠ ︾  ᠶᠢᠨ ᠨᠢᠭᠡᠨ ᠬᠤᠪᠢᠯᠪᠤᠷᠢ ᠭᠡᠵᠦ ᠡᠷᠳᠡᠮᠲᠡᠳ ᠦᠵᠡᠳᠡᠭ ᠃ ︽ ᠰᠢᠲᠠᠷ᠎ᠠ ︾ ᠭᠡᠳᠡᠭ  ᠨᠢ ︽ᠴᠠᠲ᠋ᠦᠢᠷ᠎ᠠ︾ ᠭᠡᠳᠡᠭ ᠡᠨᠡᠳᠬᠡᠭ ᠰᠠᠨᠰᠺᠷᠢᠲ ᠭᠠᠷᠤᠯ ᠲᠠᠢ ᠦᠭᠡ ᠪᠠ ︽ ᠱᠠᠲ᠋ᠷᠠᠨᠵᠠ ︾ ᠭᠡᠳᠡᠭ ᠠᠷᠠᠪ ᠭᠠᠷᠤᠯ ᠲᠠᠢ ᠦᠭᠡᠨ ᠡᠴᠡ ᠤᠯᠠᠷᠢᠵᠤ ᠢᠷᠡᠭᠰᠡᠨ ᠭᠡᠳᠡᠭ ᠪᠢᠯᠡ ᠃ ᠮᠣᠩᠭᠣᠯ ᠰᠢᠲᠠᠷ᠎ᠠ ᠶᠢᠨ ︽ ᠱᠠᠭ ︾ ᠂ ︽ ᠮᠠᠳ ︾ ᠂ ︽ ᠵᠢᠳ ︾ ᠂ ︽ ᠴᠣᠳ ︾ ᠂ ︽ ᠪᠡᠷᠰᠡ ︾ ᠵᠡᠷᠭᠡ ᠦᠭᠡ  ᠨᠢ ᠴᠣ ᠡᠨᠡᠳᠬᠡᠭ ᠰᠠᠨᠰᠺᠷᠢᠲ ᠪᠤᠶᠤ ᠠᠷᠠᠪ ᠦᠭᠡᠨ ᠡᠴᠡ ᠢᠷᠡᠯᠲᠡᠢ ᠭᠡᠳᠡᠭ ᠃ ᠰᠢᠲᠠᠷ᠎ᠠ ᠪᠠᠷᠤᠭ 10   13 ᠳ᠋ᠤᠭᠠᠷ ᠵᠠᠭᠤᠨ ᠤ ᠦᠶ᠎ᠡ ᠳᠦ ᠮᠣᠩᠭᠣᠯ ᠣᠷᠣᠨ᠎ᠠ ᠤᠯᠠᠮᠵᠢᠯᠠᠭᠳᠠᠭᠰᠠᠨ ᠪᠣᠯᠤᠮᠵᠢ ᠲᠠᠢ ᠪᠠᠶᠢᠨ᠎ᠠ ᠃ ᠮᠣᠩᠭᠣᠯ ᠰᠢᠲᠠᠷ᠎ᠠ ᠪᠠ ᠥᠨᠥ ᠶᠢᠨ ᠣᠯᠠᠨ ᠤᠯᠤᠰ ᠤᠨ ᠰᠢᠲᠠᠷ᠎ᠠ ᠡᠭᠦᠰᠦᠯ ᠭᠠᠷᠤᠯ ᠨᠢᠭᠡᠲᠡᠢ ᠃ ᠮᠣᠩᠭᠣᠯ ᠣᠷᠣᠨ ᠳᠤ ᠤᠯᠠᠮᠵᠢᠯᠠᠭᠳᠠᠭᠰᠠᠨ ᠰᠢᠲᠠᠷ᠎ᠠ  ᠨᠢ ᠮᠣᠩᠭᠣᠯᠴᠤᠳ ᠤᠨ ᠤᠯᠠᠮᠵᠢᠯᠠᠯᠲᠤ ᠬᠥᠯᠭᠡᠲᠦ ᠨᠠᠭᠠᠳᠤᠮ   ᠪᠣᠭᠣ ᠂ ᠵᠢᠷᠭᠢᠭᠡ ᠵᠡᠷᠭᠡ ᠲᠡᠢ ᠤᠶᠠᠯᠳᠤᠨ ᠮᠣᠩᠭᠣᠯ ᠠᠮᠢᠳᠤᠷᠠᠯ ᠰᠣᠶᠣᠯ ᠤᠨ ᠣᠨᠴᠠᠯᠢᠭ ᠲᠠᠢ ᠪᠣᠯᠤᠭᠠᠳ ᠂ ᠮᠣᠩᠭᠣᠯᠴᠤᠳ ᠤᠨ ᠠᠶᠠᠨ ᠳᠠᠶᠢᠨ ᠤ ᠶᠠᠪᠤᠴᠠ ᠳᠤ ᠧᠦ᠍ᠷᠣᠫᠠ ᠳᠤ ᠤᠯᠠᠮᠵᠢᠯᠠᠭᠳᠠᠨ ᠣᠯᠠᠨ ᠤᠯᠤᠰ ᠤᠨ ᠰᠢᠲᠠᠷ᠎ᠠ ᠪᠣᠯᠵᠤ ᠬᠥᠭᠵᠢᠭᠰᠡᠨ ᠪᠠᠶᠢᠨ᠎ᠠ ᠃ ᠮᠣᠩᠭᠣᠯ ᠰᠢᠲᠠᠷ᠎ᠠ ᠳᠤ ᠤᠷᠠᠨ ᠰᠡᠶᠢᠯᠪᠦᠷᠢᠲᠦ ᠰᠢᠲᠠᠷ᠎ᠠ ᠂ ᠬᠠᠭᠠᠰ ᠤᠷᠠᠨ ᠰᠡᠶᠢᠯᠪᠦᠷᠢᠲᠦ ᠰᠢᠲᠠᠷ᠎ᠠ ᠂ ᠡᠩ ᠦᠨ ᠰᠡᠶᠢᠯᠪᠦᠷᠢᠲᠦ ᠰᠢᠲᠠᠷ᠎ᠠ᠂ ᠴᠢᠳᠬᠤᠮᠠᠯ ᠰᠢᠲᠠᠷ᠎ᠠ ᠭᠡᠵᠦ ᠪᠠᠶᠢᠳᠠᠭ ᠃ ᠰᠢᠲᠠᠷ᠎ᠠ ᠶᠢ ᠭᠣᠣᠯᠳᠠᠭᠤ ᠪᠣᠷᠣ ᠴᠠᠭᠠᠨ ᠽᠠᠨᠳᠠᠨ ᠮᠣᠳᠣ ᠂ ᠬᠤᠰᠤ ᠂ ᠠᠭᠠᠷᠤ ᠂ ᠤᠯᠠᠭᠠᠨ ᠨᠠᠷᠠᠰᠤ ᠂ ᠰᠤᠮᠤᠨ ᠮᠣᠳᠣ ᠂ ᠭᠦᠢᠯᠡᠰᠦᠨ ᠮᠣᠳᠣᠨ ᠤ ᠦᠨᠳᠦᠰᠦ ᠵᠡᠷᠭᠡ ᠴᠢᠨᠠᠷ ᠰᠠᠶᠢᠨ ᠮᠣᠳᠣ ᠪᠠᠷ ᠬᠢᠬᠦ ᠪᠤᠶᠤ ᠦᠬᠡᠷ ᠦᠨ ᠡᠪᠡᠷ ᠂ ᠲᠡᠮᠡᠭᠡᠨ ᠦ ᠶᠠᠰᠤ ᠂ ᠮᠠᠯ ᠤᠨ ᠱᠠᠭ᠎ᠠ ᠲᠣᠶᠢᠭ ᠢᠶᠠᠷ ᠴᠣ ᠬᠢᠭᠰᠡᠨ ᠪᠠᠶᠢᠳᠠᠭ ᠃ ᠡᠭᠦᠨ ᠡᠴᠡ ᠭᠠᠳᠠᠨ᠎ᠠ ᠲᠡᠨᠢᠭᠡᠷ ᠂ ᠬᠠᠰ ᠂ ᠵᠠᠭᠠᠨ ᠤ ᠰᠣᠶᠣᠭ᠎ᠠ ᠪᠠ ᠭᠠᠤᠯᠢ ᠂ ᠵᠡᠰ ᠂ ᠮᠥᠩᠭᠥ ᠪᠡᠷ ᠴᠢᠳᠬᠤᠵᠤ ᠬᠢᠭᠰᠡᠨ ᠰᠢᠲᠠᠷ᠎ᠠ ᠴᠣ ᠪᠠᠶᠢᠳᠠᠭ ᠪᠢᠯᠡ ᠃ ᠮᠠᠰᠢ ᠤᠷᠠᠨ ᠰᠡᠶᠢᠯᠪᠦᠷᠢᠯᠡᠭᠰᠡᠨ ᠰᠢᠲᠠᠷ᠎ᠠ ᠪᠣᠯ ᠬᠣᠶᠠᠷ ᠲᠠᠯ᠎ᠠ ᠶᠢᠨ ᠨᠣᠶᠠᠨ ᠂ ᠪᠡᠷᠰᠡ ᠂ ᠮᠣᠷᠢ ᠂ ᠲᠡᠮᠡᠭᠡ ᠂ ᠬᠠᠩᠭᠠᠢ ᠂ ᠬᠦᠦ ᠶᠢ  ᠨᠢ ᠥᠪᠡᠷᠮᠢᠴᠡ ᠣᠨᠴᠠᠯᠢᠭ ᠢᠶᠠᠷ ᠲᠣᠳᠣ ᠢᠯᠭᠠᠭ᠎ᠠ ᠲᠠᠢ ᠰᠡᠶᠢᠯᠪᠦᠷᠢᠯᠡᠳᠡᠭ ᠪᠣᠯᠬᠣᠷ ᠭᠣᠶᠢᠳᠠ ᠨᠠᠷᠢᠯᠢᠭ ᠭᠠᠷ ᠤᠷᠠᠯᠠᠯ ᠤᠨ ᠪᠦᠲᠦᠭᠡᠯ ᠪᠣᠯᠤᠭᠰᠠᠨ ᠪᠠᠶᠢᠳᠠᠭ ᠰᠠᠨ ᠃

 

xv1 xv2 default2015-11-05-45f6bd48b5-01d4-4652-ad26-1d28419cdd35 default2015-11-05-454fb27130-a72d-48e0-98d4-16a48bc8640d xv3 xv4

ᠮᠣᠩᠭᠣᠯ ᠰᠢᠲᠠᠷ᠎ᠠ ︱ ᠮᠣᠩᠭᠣᠯ ᠰᠢᠲᠠᠷ᠎ᠠ ᠶᠢᠨ ᠲᠣᠶᠢᠮᠣ

ᠰᠢᠭᠦᠮᠵᠢ