• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠩᠭᠣᠯ ᠰᠢᠲᠠᠷ᠎ᠠ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 3.08 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠱᠠᠭᠵᠠ [ ᠮᠣᠩᠭᠣᠯ ᠤᠯᠤᠰ ] ᠤᠨ ︽ ᠮᠣᠩᠭᠣᠯ ᠬᠡᠯᠡᠨ ᠦ ᠲᠠᠶᠢᠯᠪᠤᠷᠢ  ᠲᠣᠯᠢ ︾ ( 1940 ᠣᠨ ) ᠳᠤ ︽ ᠬᠣᠶᠠᠷ ᠬᠥᠮᠦᠨ ᠮᠥᠷᠥᠶᠢᠴᠡᠨ ᠨᠠᠭᠠᠳᠬᠤ ᠶᠢ ᠰᠢᠲᠠᠷ᠎ᠠ ᠬᠡᠮᠡᠮᠦᠢ ᠃ ᠲᠡᠭᠦᠨ ᠦ ᠪᠠᠶᠢᠳᠠᠯ ᠠᠨᠤ ᠲᠡᠷᠢᠭᠦᠯᠡᠭᠴᠢ ᠨᠣᠶᠠᠨ ᠬᠡᠮᠡᠬᠦ ᠪᠠ ᠳᠡᠰᠯᠡᠭᠴᠢ ᠪᠡᠷᠰᠡ ᠬᠡᠮᠡᠬᠦ ᠢᠨᠤ ᠲᠣᠰᠪᠣᠷᠢ ᠨᠢᠵᠡᠭᠡᠳ ᠪᠤᠢ ᠃ ᠲᠡᠮᠡᠭᠡ ᠂ ᠮᠣᠷᠢ ᠂ ᠲᠡᠷᠭᠡ ᠬᠡᠮᠡᠬᠦ ᠢᠨᠤ ᠬᠣᠰᠢᠶᠠᠳ ᠪᠤᠢ ᠃ ᠲᠠᠲᠠᠨ ᠤ ᠡᠮᠦᠨ᠎ᠡ ᠬᠥᠪᠡᠭᠦᠨ ᠬᠡᠮᠡᠬᠦ ᠢᠨᠤ ᠨᠢᠵᠡᠭᠡᠳ ᠨᠢᠭᠡ ᠨᠢᠭᠡᠨ ᠲᠠᠯ᠎ᠠ ᠶᠢᠨ ᠠᠷᠪᠠᠨ ᠵᠢᠷᠭᠤᠭ᠎ᠠ ᠂ ᠨᠠᠶᠢᠳᠠ ᠭᠤᠴᠢᠨ ᠬᠣᠶᠠᠷ ᠢ ᠵᠢᠷᠠᠨ ᠳᠥᠷᠪᠡᠨ ᠬᠤᠪᠢᠶᠠᠷᠢᠲᠤ ᠬᠥᠯᠭᠡ ᠶᠢᠨ ᠳᠡᠭᠡᠷ᠎ᠡ ᠬᠣᠶᠠᠷ ᠡᠲᠡᠭᠡᠳ ᠢᠶᠡᠷ ᠠᠩᠭᠢᠯᠠᠨ ᠵᠢᠭᠰᠠᠭᠠᠵᠤ ᠂ ᠲᠤᠰ ᠲᠤᠰ ᠤᠨ ᠬᠥᠯ ᠢᠶᠡᠷ ᠬᠠᠷᠢᠯᠴᠠᠨ ᠨᠡᠭᠦᠯᠭᠡᠵᠦ ᠥᠮᠥᠭᠡᠯᠡᠬᠦ ᠂ ᠰᠠᠬᠢᠬᠤ ᠂ ᠥᠳᠥᠭᠡᠬᠦ ᠂ ᠡᠵᠡᠯᠡᠬᠦ ᠵᠡᠷᠭᠡ ᠪᠠᠶᠢᠯᠳᠤᠭᠠᠨ ᠤ ᠶᠣᠰᠣᠭᠠᠷ ᠲᠡᠮᠡᠴᠡᠯᠳᠦᠭᠰᠡᠭᠡᠷ ᠳᠡᠶᠢᠯᠦᠨ ᠳᠡᠶᠢᠯᠦᠭᠳᠡᠬᠦ ᠶᠢ ᠰᠢᠯᠭᠠᠮᠤᠢ ︾ ᠭᠡᠵᠦ ᠲᠡᠮᠳᠡᠭᠯᠡᠭᠰᠡᠨ ᠪᠠᠶᠢᠨ᠎ᠠ ᠃ ᠮᠣᠩᠭᠣᠯ ᠰᠢᠲᠠᠷ᠎ᠠ  ᠨᠢ ᠮᠣᠩᠭᠣᠯ ᠠᠮᠢᠳᠤᠷᠠᠯ ᠦᠢᠯᠡᠳᠪᠦᠷᠢᠯᠡᠯ ᠦᠨ ᠬᠤᠷᠢᠶᠠᠩᠭᠤᠢ ᠵᠢᠷᠤᠭ ᠭᠡᠵᠦ ᠬᠡᠯᠡᠵᠦ ᠪᠣᠯᠬᠤ ᠦᠨᠳᠦᠰᠦᠨ ᠣᠨᠴᠠᠯᠢᠭ ᠢ ᠪᠦᠷᠢᠯᠳᠦᠭᠦᠯᠦᠭᠰᠡᠨ ᠪᠥᠭᠡᠳ ᠮᠣᠩᠭᠣᠯᠴᠤᠳ ᠤᠨ ᠡᠷᠲᠡ ᠦᠶ᠎ᠡ ᠶᠢᠨ ᠴᠡᠷᠢᠭ ᠳᠠᠶᠢᠨ ᠤ ᠤᠬᠠᠭᠠᠨ ᠰᠠᠮᠪᠠᠭ᠎ᠠ ᠂ ᠠᠷᠭ᠎ᠠ ᠪᠣᠳᠣᠯᠭ᠎ᠠ ᠶᠢ ᠲᠡᠭᠦᠯᠳᠡᠷ ᠬᠠᠷᠠᠭᠤᠯᠤᠭᠰᠠᠨ ᠢᠶᠠᠷ ᠢᠶᠠᠨ ᠣᠶᠤᠨ ᠤ ᠴᠢᠳᠠᠪᠬᠢ ᠶᠢ ᠰᠠᠶᠢᠵᠢᠷᠠᠭᠤᠯᠬᠤ ᠣᠶᠤᠨ ᠤᠬᠠᠭᠠᠨ ᠤ ᠪᠡᠶ᠎ᠡ ᠶᠢᠨ ᠲᠠᠮᠢᠷ ᠬᠡᠮᠡᠨ ᠠᠯᠳᠠᠷᠰᠢᠭᠰᠠᠨ ᠶᠤᠮ ᠃ ᠮᠣᠩᠭᠣᠯ ᠰᠢᠲᠠᠷ᠎ᠠ  ᠨᠢ ᠥᠪᠡᠷ ᠦᠨ ᠥᠪᠡᠷᠮᠢᠴᠡ ᠣᠨᠴᠠᠯᠢᠭ ᠢᠶᠠᠷ ᠮᠣᠩᠭᠣᠯᠴᠤᠳ ᠤᠨ ᠡᠷᠬᠢᠮ ᠦᠨᠡᠲᠦ ᠰᠣᠶᠣᠯ ᠤᠯᠠᠮᠵᠢᠯᠠᠯ ᠪᠣᠯᠤᠨ ᠥᠪᠯᠡᠭᠳᠡᠵᠡᠢ ᠃

 

︽ ᠮᠣᠩᠭᠣᠯ ᠰᠢᠲᠠᠷ᠎ᠠ ᠶᠢᠨ ᠢᠷᠥᠭᠡᠯ ︾

 

ᠠᠯᠲᠠᠢ ᠬᠠᠨ ᠤ ᠠᠭᠠᠷᠤ

ᠠᠪᠴᠤ ᠢᠷᠡᠭᠰᠡᠨ ᠮᠣᠳᠣ ᠶᠤᠮ

ᠬᠠᠩᠭᠠᠢ ᠬᠠᠨ ᠤ ᠴᠥᠬᠥᠷᠡᠰᠦ

ᠬᠠᠳᠤᠵᠤ ᠠᠪᠤᠭᠰᠠᠨ ᠮᠣᠳᠣ ᠶᠤᠮ

 

ᠮᠤᠨᠠ ᠬᠠᠨ ᠤ ᠬᠤᠰᠤ ᠪᠠᠷ

ᠮᠣᠩᠭᠣᠯ ᠤᠨ ᠬᠢᠭᠰᠡᠨ ᠰᠢᠲᠠᠷ᠎ᠠ ᠶᠤᠮ

ᠥᠨᠳᠥᠷ ᠬᠠᠨ ᠤ ᠶᠠᠰᠢᠯ ᠢᠶᠠᠷ

ᠥᠯᠡᠵᠦ ᠬᠢᠭᠰᠡᠨ ᠨᠠᠭᠠᠳᠤᠮ ᠶᠤᠮ

 

ᠰᠠᠶᠢᠨ ᠮᠣᠳᠣᠨ ᠤ ᠦᠨᠳᠦᠰᠦ

ᠰᠡᠪᠢᠶ᠎ᠡ ᠮᠣᠳᠣᠨ ᠤ ᠲᠠᠭᠠᠷᠢᠳᠠᠰᠤ

ᠽᠠᠨᠳᠠᠨ ᠮᠣᠳᠣᠨ ᠤ ᠥᠭᠡᠳᠡᠰᠦ

ᠽᠠᠪᠢᠶ᠎ᠠ ᠮᠣᠳᠣᠨ ᠤ ᠵᠦᠢᠳᠡᠰᠦ

 

ᠮᠠᠯᠴᠢᠨ ᠬᠥᠮᠦᠨ ᠦ ᠤᠷᠠᠯᠠᠯ

ᠮᠠᠬᠢᠷ ᠬᠢᠲᠤᠭ᠎ᠠ ᠶᠢᠨ ᠰᠡᠶᠢᠯᠦᠮᠡᠯ

ᠤᠷᠠᠨ ᠬᠥᠮᠦᠨ ᠦ ᠰᠢᠷᠳᠡᠮᠡᠯ

ᠤᠯᠠᠭᠠᠨ ᠨᠣᠭᠣᠭᠠᠨ ᠪᠣᠳᠣᠮᠠᠯ

 

ᠵᠢᠭᠰᠠᠬᠤ ᠬᠣᠶᠠᠷ ᠵᠢᠭᠰᠠᠭᠠᠯ ᠲᠠᠢ

ᠵᠢᠷᠠᠨ ᠳᠥᠷᠪᠡᠨ ᠪᠠᠭᠤᠳᠠᠯ ᠲᠠᠢ

ᠵᠢᠪᠬᠤᠯᠠᠩᠲᠤ ᠬᠣᠶᠠᠷ ᠰᠦᠯᠳᠡ ᠲᠡᠢ

ᠵᠢᠵᠢᠭ ᠨᠠᠢᠮᠠᠨ ᠬᠦᠦ ᠲᠡᠢ

 

ᠬᠦᠴᠦᠲᠦ ᠬᠣᠶᠠᠷ ᠪᠡᠷᠰᠡ ᠲᠡᠢ

ᠬᠦᠯᠦᠭ ᠬᠣᠩᠭᠣᠷ ᠮᠣᠷᠢ ᠲᠠᠢ

ᠭᠠᠯᠵᠠᠭᠤ ᠬᠠᠷ᠎ᠠ ᠪᠤᠤᠷ᠎ᠠ ᠲᠠᠢ

ᠭᠠᠩᠭᠠᠩ ᠨᠣᠭᠣᠭᠠᠨ ᠲᠡᠷᠭᠡ ᠲᠡᠢ

 

ᠠᠷᠠᠳ ᠤᠨ ᠳᠤᠮᠳᠠ ᠠᠯᠳᠠᠷ ᠲᠠᠢ

ᠠᠷᠭ᠎ᠠ ᠤᠬᠠᠭᠠᠨ ᠰᠤᠷᠲᠠᠯ ᠲᠠᠢ

ᠠᠯᠲᠠᠨ ᠰᠢᠲᠠᠷ᠎ᠠ ᠡᠭᠦᠨ ᠢ

ᠠᠮᠠ ᠰᠢᠷᠡᠭᠡᠨ ᠳᠦ ᠥᠷᠦᠪᠡᠯ

 

ᠬᠦᠦ ᠨᠢᠭᠡ ᠶᠢ ᠲᠦᠯᠬᠢᠭᠡᠳ

ᠬᠦᠨᠳᠦ ᠪᠣᠳᠣᠯᠭ᠎ᠠ ᠶᠢ ᠠᠪᠴᠤ

ᠬᠦᠴᠦ ᠨᠢᠭᠡ ᠶᠢ ᠲᠠᠯᠪᠢᠭᠠᠳ

ᠬᠦᠷᠬᠦ ᠠᠷᠭ᠎ᠠ ᠶᠢ ᠠᠪᠴᠤ

 

ᠵᠠᠭᠤᠨᠲᠠ ᠠᠷᠭ᠎ᠠ ᠶᠢ ᠪᠣᠳᠣᠵᠤ

ᠵᠠᠭᠤᠷᠮ᠎ᠠ ᠶᠠᠪᠤᠳᠠᠯ ᠢ ᠵᠢᠱᠢᠵᠦ

ᠬᠣᠯᠪᠣᠭ᠎ᠠ ᠳᠠᠷᠤᠭᠠᠰᠤ ᠶᠢ ᠪᠣᠳᠣᠵᠤ

ᠬᠣᠨᠵᠢᠬᠤ ᠨᠡᠭᠦᠳᠡᠯ ᠢ ᠭᠠᠷᠭᠠᠵᠤ

 

ᠳᠠᠶᠢᠨ ᠤ ᠠᠷᠭ᠎ᠠ ᠪᠠᠷ ᠳᠠᠪᠰᠢᠵᠤ

ᠳᠠᠷᠤᠵᠤ ᠣᠷᠣᠭᠠᠳ ᠠᠪᠳᠠᠭ ᠶᠤᠮ

ᠳᠠᠪᠠᠭᠤ ᠬᠦᠴᠦᠨ ᠢᠶᠡᠨ ᠪᠡᠯᠡᠳᠬᠡᠭᠡᠳ

ᠳᠠᠪᠲᠠᠵᠤ ᠪᠠᠶᠢᠭᠠᠳ ᠱᠦᠭᠦᠳᠡᠭ ᠶᠤᠮ

 

ᠱᠠᠭ ᠭᠡᠬᠦ ᠲᠠᠭᠤᠨ ᠢᠶᠠᠷ

ᠱᠠᠭᠠᠷᠳᠠᠵᠤ ᠥᠨᠳᠥᠷ ᠬᠠᠰᠬᠢᠷᠤᠨ

ᠰᠢᠳᠠᠷᠴᠢ ᠬᠥᠮᠦᠨ ᠦ ᠳᠦᠷᠢᠮ ᠢᠶᠡᠷ

ᠰᠢᠯᠭᠠᠷᠠᠵᠤ ᠪᠠᠶᠢᠪᠠᠯ ᠳᠡᠭᠡᠳᠦ

 

ᠬᠦᠯᠦᠭ ᠮᠣᠷᠢᠨ ᠤ ᠥᠷᠥᠭᠡᠯ ᠱᠠᠭ

ᠬᠦᠴᠦᠲᠦ ᠪᠡᠷᠰᠡ ᠶᠢᠨ ᠲᠠᠭᠠᠷᠢᠯ ᠱᠠᠭ

ᠬᠠᠩᠭᠠᠢ ᠲᠡᠷᠭᠡᠨ ᠦ ᠬᠦᠷᠳᠦᠨ ᠱᠠᠭ

ᠬᠠᠨᠳᠠᠭᠠᠢ ᠪᠤᠤᠷ᠎ᠠ ᠶᠢᠨ ᠳᠠᠪᠠᠭᠠᠨ ᠱᠠᠭ

 

ᠥᠨᠥᠴᠢᠨ ᠬᠦᠦ ᠶᠢᠨ ᠥᠷᠥᠴᠡᠨ ᠴᠣᠳ

ᠥᠨᠳᠥᠷ ᠰᠢᠷᠡᠭᠡᠨ ᠦ ᠪᠠᠶᠠᠨ ᠮᠠᠳ

ᠥᠷᠯᠥᠭ ᠪᠤᠤᠷ᠎ᠠ ᠶᠢᠨ ᠥᠭᠡᠯᠵᠢᠨ ᠳ᠋ᠤᠭ

ᠥᠪᠴᠢ ᠰᠢᠷᠡᠭᠡᠨ ᠦ ᠲᠡᠮᠡᠭᠡᠨ ᠰᠦᠢᠳᠡᠰᠦ

 

ᠤᠬᠠᠭᠠᠨ ᠳᠠᠪᠠᠭᠤ  ᠨᠢ ᠳᠡᠶᠢᠯᠳᠡᠭ

ᠤᠷᠠᠨ ᠰᠢᠲᠠᠷ᠎ᠠ ᠶᠢᠨ ᠮᠡᠷᠭᠡᠵᠢᠯ

ᠤᠴᠠᠷᠠᠯᠳᠤ ᠨᠠᠶᠢᠵᠠ ᠪᠠᠨ ᠬᠡᠯᠬᠢᠳᠡᠭ

ᠤᠳᠤᠮᠲᠤ ᠮᠣᠩᠭᠣᠯ ᠨᠠᠭᠠᠳᠤᠮ

 

ᠬᠢᠴᠢᠶᠡᠵᠦ ᠰᠤᠷᠪᠠᠯ ᠡᠷᠳᠡᠮ ᠪᠤᠢ

ᠬᠡᠷᠡᠭᠦᠯ ᠬᠢᠪᠡᠯ ᠶᠠᠷᠰᠢᠭ ᠪᠤᠢ

ᠭᠡᠮ ᠢᠶᠡᠨ ᠲᠠᠨᠢᠵᠤ ᠨᠠᠭᠠᠳᠤᠯ ᠲᠠᠢ

ᠬᠡᠵᠢᠶᠡᠳᠡ ᠨᠠᠶᠢᠷᠠᠯᠳᠤᠪᠠᠯ ᠵᠣᠬᠢᠯᠲᠠᠢ

ᠮᠣᠩᠭᠣᠯ ᠰᠢᠲᠠᠷ᠎ᠠ

ᠰᠢᠭᠦᠮᠵᠢ