• 1 ℃
  2017ᠣᠨ ᠤ 09ᠰᠠᠷ᠎ᠠ ᠶᠢᠨ 20ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠴᠢᠩᠭᠢᠰ ᠬᠠᠭᠠᠨ ᠤ ᠣᠩᠭᠣᠨ ᠬᠦᠷᠢᠶᠡᠯᠡᠩ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 69.72 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠴᠢᠩᠭᠢᠰ ᠬᠠᠭᠠᠨ ᠤ ᠣᠩᠭᠣᠨ ᠬᠦᠷᠢᠶᠡᠯᠡᠩ  ᠨᠢ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠣᠷᠳᠣᠰ ᠤᠨ
ᠡᠵᠡᠨ ᠬᠣᠷᠣᠭ᠎ᠠ ᠬᠣᠰᠢᠭᠤᠨ ᠳᠤ ᠪᠠᠶᠢᠷᠢᠯᠠᠳᠠᠭ ᠃ ᠡᠨᠳᠡ ᠡᠵᠡᠨ ᠪᠣᠭᠳᠠ ᠴᠢᠩᠭᠢᠰ ᠬᠠᠭᠠᠨ ᠤ ᠠᠷᠢᠭᠤᠨ ᠰᠦᠨᠡᠰᠦ ᠶᠢ ᠲᠠᠬᠢᠵᠤ
ᠪᠠᠶᠢᠭ᠎ᠠ ︽ ᠨᠠᠢᠮᠠᠨ  ᠴᠠᠭᠠᠨ ᠤᠷᠲᠤ ︾ ᠪᠠᠶᠢᠳᠠᠭ ᠃ ᠮᠣᠩᠭᠣᠯᠴᠤᠳ ᠤᠨ ︽ ᠶᠡᠷᠦᠩᠬᠡᠢ ᠶᠢᠨ ᠰᠢᠲᠦᠭᠡᠨ ︾ ᠪᠣᠯᠤᠭᠰᠠᠨ ᠨᠠᠢᠮᠠᠨ
ᠴᠠᠭᠠᠨ ᠣᠷᠳᠣᠨ ᠳᠤ ᠴᠢᠩᠭᠢᠰ ᠬᠠᠭᠠᠨ ᠤ ᠠᠮᠢᠳᠤ ᠰᠡᠷᠡᠭᠦᠨ ᠪᠠᠶᠢᠬᠤ ᠳᠠᠭᠠᠨ ᠰᠢᠳᠦᠨ ᠪᠢᠰᠢᠷᠡᠵᠦ ᠪᠠᠶᠢᠭᠰᠠᠨ ᠰᠦᠯᠳᠡ ᠰᠢᠲᠦᠭᠡᠨ ᠪᠠ
ᠡᠳ᠋ᠯᠡᠯ ᠬᠡᠷᠡᠭᠯᠡᠯ ᠦᠨ ᠵᠦᠢᠯ ᠦᠳ ᠢ ᠬᠠᠳᠠᠭᠠᠯᠠᠨ ᠲᠠᠬᠢᠵᠤ ᠪᠠᠶᠢᠨ᠎ᠠ ᠃ ᠨᠠᠢᠮᠠᠨ  ᠴᠠᠭᠠᠨ ᠣᠷᠳᠣᠨ ᠳᠤ ᠴᠢᠩᠭᠢᠰ ᠬᠠᠭᠠᠨ ᠪᠣᠯᠤᠨ
ᠪᠥᠷᠲᠡ ᠬᠠᠳᠤᠨ ᠤ ᠴᠠᠭᠠᠨ ᠣᠷᠳᠣᠨ ᠂ ᠬᠤᠯᠠᠨ ᠬᠠᠳᠤᠨ ᠤ ᠴᠠᠭᠠᠨ ᠣᠷᠳᠣᠨ ᠂ ᠵᠡᠭᠦᠨᠭᠠᠷ ᠡᠵᠡᠨ ᠦ ᠴᠠᠭᠠᠨ ᠣᠷᠳᠣᠨ ᠂ ᠥᠨᠳᠡᠭᠡᠨ
ᠴᠠᠭᠠᠨ ᠤ ᠴᠣᠮᠴᠣᠭ ᠣᠷᠳᠣᠨ ᠂ ᠪᠣᠷᠣ ᠥᠨᠳᠥᠷ ( ᠰᠠᠴᠤᠯᠢ ᠶᠢᠨ ᠰᠠᠭᠤᠯᠠᠭ᠎ᠠ ) ᠶᠢᠨ ᠴᠠᠭᠠᠨ ᠣᠷᠳᠣᠨ ᠂ ᠬᠣᠷ ᠰᠠᠭᠠᠳᠠᠭ ᠤᠨ
ᠴᠠᠭᠠᠨ ᠣᠷᠳᠣᠨ ᠂ ᠵᠢᠯᠣᠭᠣ ᠶᠢᠨ ᠴᠠᠭᠠᠨ ᠣᠷᠳᠣᠨ ᠂ ᠱᠠᠩ ᠤᠨ ᠥᠷᠥᠭᠡ ᠴᠠᠭᠠᠨ ᠣᠷᠳᠣᠨ ᠵᠡᠷᠭᠡ ᠪᠠᠭᠲᠠᠳᠠᠭ ᠃

 

q1

 

ᠰᠤᠳᠤᠯᠤᠭᠠᠴᠢᠳ ᠠᠴᠠ ᠴᠢᠩᠭᠢᠰ ᠬᠠᠭᠠᠨ ᠤ ᠨᠠᠢᠮᠠᠨ  ᠴᠠᠭᠠᠨ ᠤᠷᠲᠤ  ᠨᠢ 1227 ᠣᠨ ᠪᠤᠶᠤ ᠴᠢᠩᠭᠢᠰ ᠬᠠᠭᠠᠨ ᠤ
ᠲᠡᠭᠷᠢ ᠳᠦ ᠬᠠᠯᠢᠭᠰᠠᠨ ᠵᠢᠯ ᠳᠦ ᠪᠤᠢ ᠪᠣᠯᠤᠭᠰᠠᠨ ᠭᠡᠵᠦ ᠦᠵᠡᠳᠡᠭ ᠃ ᠴᠢᠩᠭᠢᠰ ᠬᠠᠭᠠᠨ ᠤ ᠨᠠᠢᠮᠠᠨ  ᠴᠠᠭᠠᠨ ᠣᠷᠳᠣᠨ ᠤ ᠲᠠᠬᠢᠯᠭ᠎ᠠ
ᠶᠢᠨ  ᠦᠢᠯᠡ ᠶᠢ ᠳᠠᠷᠬᠠᠳ ᠬᠥᠮᠦᠰ ᠡᠴᠡ ᠦᠶ᠎ᠡ ᠤᠯᠠᠷᠢᠨ ᠭᠦᠢᠴᠡᠳᠬᠡᠵᠦ ᠢᠷᠡᠭᠰᠡᠨ ᠶᠤᠮ ᠃ ᠴᠢᠩᠭᠢᠰ ᠬᠠᠭᠠᠨ ᠤ ᠨᠠᠢᠮᠠᠨ  ᠴᠠᠭᠠᠨ
ᠤᠷᠲᠤ ᠪᠣᠯ ᠴᠣᠮᠴᠣᠭ ᠢᠶᠠᠷ ᠪᠦᠷᠢᠯᠳᠦᠭᠰᠡᠨ ᠰᠢᠲᠦᠭᠡᠨ ᠪᠣᠯᠬᠤ ᠶᠤᠮ ᠃ ︽ ᠴᠣᠮᠴᠣᠭ ︾ ᠭᠡᠳᠡᠭ  ᠨᠢ ᠢᠰᠡᠭᠡᠢ ᠪᠡᠷ ᠪᠦᠷᠢᠭᠰᠡᠨ ᠬᠡᠷ
ᠦᠨ ᠬᠦᠨᠳᠦᠳᠬᠡᠯ ᠨᠡᠷᠡᠶᠢᠳᠦᠯ ᠪᠣᠯᠬᠤ ᠶᠤᠮ ᠃ ᠴᠣᠮᠴᠣᠭ ᠤᠨ ᠪᠦᠲᠦᠴᠡ ᠬᠡᠯᠪᠡᠷᠢ  ᠨᠢ ᠤᠯᠠᠮᠵᠢᠯᠠᠯᠲᠤ ᠮᠣᠩᠭᠣᠯ ᠬᠡᠷ ᠲᠡᠢ
ᠣᠶᠢᠷᠠᠯᠴᠠᠭ᠎ᠠ ᠪᠣᠯᠪᠠᠴᠤ ᠪᠦᠷᠢᠮᠦᠰᠦᠨ ᠠᠳᠠᠯᠢ ᠪᠢᠰᠢ ᠪᠠᠶᠢᠵᠤ ᠂ ᠮᠣᠩᠭᠣᠯ ᠤᠨ ᠡᠷᠲᠡᠨ ᠦ ᠣᠷᠳᠣᠨ ᠤ ᠬᠡᠯᠪᠡᠷᠢ ᠶᠢ ᠬᠠᠳᠠᠭᠠᠯᠠᠵᠤ
ᠪᠠᠶᠢᠳᠠᠭ ᠶᠤᠮ ᠃

ᠴᠢᠩᠭᠢᠰ ᠬᠠᠭᠠᠨ ᠤ ᠣᠩᠭᠣᠨ ᠬᠦᠷᠢᠶᠡᠯᠡᠩ ᠳᠦ ᠰᠦᠯᠳᠡ ᠶᠢᠨ ᠲᠠᠬᠢᠯᠭ᠎ᠠ ᠪᠠ ᠨᠠᠢᠮᠠᠨ  ᠴᠠᠭᠠᠨ ᠣᠷᠳᠣᠨ ᠤ ᠳᠥᠷᠪᠡᠨ
ᠴᠠᠭ ᠤᠨ ᠶᠡᠬᠡ ᠲᠠᠬᠢᠯᠭ᠎ᠠ ᠶᠢᠨ ᠠᠵᠢᠯᠯᠠᠭ᠎ᠠ ᠶᠠᠪᠤᠭᠳᠠᠳᠠᠭ ᠃ ᠡᠭᠦᠨ ᠳᠦ ᠰᠦᠯᠳᠡ ᠶᠢᠨ ᠲᠠᠬᠢᠯᠭ᠎ᠠ ᠳᠤ ᠴᠠᠭᠠᠨ ᠰᠦᠯᠳᠡ ᠶᠢᠨ
ᠲᠠᠬᠢᠯᠭ᠎ᠠ ᠂ ᠬᠠᠷ᠎ᠠ ᠰᠦᠯᠳᠡ ᠶᠢᠨ ᠲᠠᠬᠢᠯᠭ᠎ᠠ ᠂ ᠠᠯᠠᠭ ᠰᠦᠯᠳᠡ ᠶᠢᠨ ᠲᠠᠬᠢᠯᠭ᠎ᠠ ᠪᠠᠭᠲᠠᠵᠤ ᠂ ᠳᠥᠷᠪᠡᠨ ᠴᠠᠭ ᠤᠨ ᠶᠡᠬᠡ ᠲᠠᠬᠢᠯᠭ᠎ᠠ ᠳᠤ
ᠬᠠᠪᠤᠷ ᠤᠨ ᠤᠯᠠᠷᠢᠯ ᠤᠨ ᠴᠠᠭᠠᠨ ᠰᠦᠷᠦᠭ ᠦᠨ ᠶᠡᠬᠡ ᠲᠠᠬᠢᠯᠭ᠎ᠠ ᠂ ᠵᠤᠨ ᠤ ᠤᠯᠠᠷᠢᠯ ᠤᠨ ᠨᠠᠭᠤᠷ ᠤᠨ ᠶᠡᠬᠡ ᠲᠠᠬᠢᠯᠭ᠎ᠠ ᠂ ᠨᠠᠮᠤᠷ ᠤᠨ
ᠤᠯᠠᠷᠢᠯ ᠤᠨ ᠱᠥᠷᠭᠡ ᠶᠢᠨ ᠶᠡᠬᠡ ᠲᠠᠬᠢᠯᠭ᠎ᠠ ᠂ ᠡᠪᠦᠯ ᠦᠨ ᠤᠯᠠᠷᠢᠯ ᠤᠨ ᠲᠠᠰᠠᠮ᠎ᠠ ᠶᠢᠨ ᠶᠡᠬᠡ ᠲᠠᠬᠢᠯᠭ᠎ᠠ ᠵᠡᠷᠭᠡ ᠪᠠᠶᠢᠳᠠᠭ ᠃
1956 ᠣᠨ ᠳᠤ ᠲᠥᠷᠥ ᠡᠴᠡ ᠴᠢᠩᠭᠢᠰ ᠬᠠᠭᠠᠨ ᠤ ᠣᠩᠭᠣᠨ ᠬᠦᠷᠢᠶᠡᠯᠡᠩ ᠢ ᠲᠠᠬᠢᠨ ᠪᠠᠶᠢᠭᠤᠯᠵᠤ ᠂ ᠬᠡᠳᠦ ᠤᠳᠠᠭᠠᠨ ᠦ  ᠵᠠᠰᠠᠨ ᠰᠢᠨᠡᠳᠬᠡᠯ ᠢᠶᠡᠷ
ᠳᠠᠮᠵᠢᠨ ᠂ ᠣᠳᠣ ᠪᠣᠯᠬᠤ ᠳᠤ ᠣᠩᠭᠣᠨ ᠬᠦᠷᠢᠶᠡᠯᠡᠩ ᠦᠨ ᠶᠡᠷᠦᠩᠬᠡᠢ ᠲᠠᠯᠠᠪᠠᠢ  ᠨᠢ 1.55 ᠲᠡᠭᠰᠢ
ᠳᠥᠷᠪᠡᠯᠵᠢᠨ ᠺᠢᠯᠣᠮᠧᠲ᠋ᠷ ᠲᠦ ᠬᠦᠷᠴᠦ ᠂ ᠡᠭᠦᠨ ᠳᠦ ᠣᠩᠭᠣᠨ ᠤ ᠣᠷᠳᠣᠨ ᠤ ᠲᠠᠯᠠᠪᠠᠢ  ᠨᠢ 56176 ᠲᠡᠭᠰᠢ ᠳᠥᠷᠪᠡᠯᠵᠢᠨ ᠮᠧᠲ᠋ᠷ
ᠪᠠᠶᠢᠨ᠎ᠠ ᠃ ᠴᠢᠩᠭᠢᠰ ᠬᠠᠭᠠᠨ ᠤ ᠣᠩᠭᠣᠨ ᠬᠦᠷᠢᠶᠡᠯᠡᠩ  ᠨᠢ ︽ ᠤᠯᠤᠰ ᠤᠨ ᠳᠥᠷᠪᠡᠨ A ᠲᠠᠰ ᠤᠨ ᠵᠢᠭᠤᠯᠴᠢᠯᠠᠯ ᠤᠨ ᠭᠠᠵᠠᠷ ︾ ᠂
︽ ᠪᠦᠬᠦ ᠤᠯᠤᠰ ᠤᠨ ᠬᠣᠪᠣᠷ ᠴᠤᠬᠠᠭ ᠲᠡᠦᠬᠡ ᠳᠤᠷᠠᠰᠬᠠᠯ ᠤᠨ ᠵᠦᠢᠯᠡᠰ ᠢ ᠬᠠᠮᠠᠭᠠᠯᠠᠬᠤ ᠨᠢᠭᠡᠴᠡ ︾ ᠂ ︽ ᠳᠤᠮᠳᠠᠳᠤ ᠤᠯᠤᠰ ᠤᠨ
ᠵᠢᠭᠤᠯᠴᠢᠯᠠᠯ ᠤᠨ ᠳᠥᠴᠢᠨ ᠰᠠᠶᠢᠬᠠᠨ ᠦᠵᠡᠮᠵᠢᠲᠦ ᠭᠠᠵᠠᠷ ᠤᠨ ᠨᠢᠭᠡ ︾ ᠂ ︽ ᠪᠦᠬᠦ ᠤᠯᠤᠰ ᠤᠨ ᠤᠯᠤᠰ ᠢᠶᠠᠨ ᠬᠠᠶᠢᠷᠠᠯᠠᠬᠤ ᠦᠵᠡᠯ
ᠢᠶᠡᠷ  ᠬᠥᠮᠦᠵᠢᠭᠦᠯᠬᠦ ᠵᠠᠭᠤᠨ ᠭᠠᠵᠠᠷ ᠤᠨ ᠨᠢᠭᠡ ︾ ᠂ ︽ ᠤᠯᠤᠰ ᠤᠨ ᠲᠠᠰ ᠤᠨ ᠪᠣᠳᠠᠰ ᠤᠨ ᠪᠤᠰᠤ ᠰᠣᠶᠣᠯ ᠤᠨ ᠥᠪ ︾ ᠵᠡᠷᠭᠡ ᠪᠡᠷ
ᠦᠨᠡᠯᠡᠭᠳᠡᠭᠰᠡᠨ ᠪᠢᠯᠡ ᠃

 

 

q2 q3

 

ᠴᠢᠩᠭᠢᠰ ᠬᠠᠭᠠᠨ ᠤ ᠣᠩᠭᠣᠨ ᠬᠦᠷᠢᠶᠡᠯᠡᠩ ᠳᠦ ᠴᠢᠩᠭᠢᠰ ᠬᠠᠭᠠᠨ ᠤ ᠣᠩᠭᠣᠨ ᠤ ᠣᠷᠳᠣᠨ ᠂ ᠣᠩᠭᠣᠨ ᠰᠢᠲᠦᠭᠡᠨ ᠦ
ᠰᠣᠶᠣᠯ ᠲᠡᠦᠬᠡ ᠶᠢᠨ ᠮᠦᠸᠧᠽᠢ ᠂ ᠠᠯᠲᠠᠨ ᠭᠠᠨᠳᠠᠷᠢ ᠶᠢᠨ ᠣᠪᠣᠭ᠎ᠠ ᠂ ᠰᠦᠯᠳᠡ ᠶᠢᠨ ᠵᠢᠭᠢ ᠂ ᠴᠢᠩᠭᠢᠰ ᠬᠠᠭᠠᠨ ᠤ ᠬᠦᠷᠡᠯ ᠱᠤᠭᠤᠮᠠᠯ᠂
ᠣᠩᠭᠣᠨ ᠬᠦᠷᠢᠶᠡᠯᠡᠩ ᠦᠨ ᠫᠠᠶᠢᠵᠠ ᠶᠢᠨ ᠴᠠᠮᠬᠠᠭ ᠂ ᠠᠭᠤᠳᠠᠮ ᠲᠠᠯᠠᠪᠠᠢ ᠵᠡᠷᠭᠡ ᠰᠣᠶᠣᠯ ᠲᠡᠦᠬᠡ ᠶᠢᠨ 30 ᠭᠠᠷᠤᠢ ᠦᠵᠡᠮᠵᠢ ᠶᠢᠨ
ᠭᠠᠵᠠᠷ ᠲᠠᠢ ᠪᠠᠶᠢᠳᠠᠭ ᠃

 

q4

 

ᠣᠳᠣ ᠪᠣᠯᠬᠤ ᠳᠤ ᠴᠢᠩᠭᠢᠰ ᠬᠠᠭᠠᠨ ᠤ ᠣᠩᠭᠣᠨ ᠬᠦᠷᠢᠶᠡᠯᠡᠩ  ᠨᠢ ᠣᠩᠭᠣᠨ ᠤ ᠤᠷᠲᠤ ᠪᠠᠷ ᠭᠣᠣᠯ ᠪᠣᠯᠭᠠᠭᠰᠠᠨ ᠰᠣᠶᠣᠯ
ᠲᠡᠦᠬᠡ ᠶᠢ ᠬᠠᠮᠠᠭᠠᠯᠠᠬᠤ ᠲᠣᠭᠣᠷᠢᠭ ᠂ ᠵᠢᠭᠤᠯᠴᠢᠯᠠᠭᠴᠢᠳ ᠤᠨ ᠠᠮᠢᠳᠤᠷᠠᠯ ᠤᠨ ᠲᠣᠭᠣᠷᠢᠭ ᠂ ᠬᠤᠳᠠᠯᠳᠤᠭᠠᠨ ᠤ ᠲᠣᠭᠣᠷᠢᠭ ᠂ ᠠᠮᠢ
ᠠᠬᠤᠢ ᠶᠢᠨ ᠬᠠᠮᠠᠭᠠᠯᠠᠯᠲᠠ ᠶᠢᠨ ᠲᠣᠭᠣᠷᠢᠭ ᠂ ᠦᠵᠡᠮᠵᠢ ᠶᠢᠨ ᠲᠣᠭᠣᠷᠢᠭ ᠵᠡᠷᠭᠡ ᠲᠠᠪᠤᠨ ᠬᠡᠰᠡᠭ ᠢᠶᠡᠷ ᠪᠦᠷᠢᠯᠳᠦᠬᠦ ᠪᠣᠯᠤᠭᠰᠠᠨ
ᠪᠠᠶᠢᠨ᠎ᠠ ᠃

ᠴᠢᠩᠭᠢᠰ ᠬᠠᠭᠠᠨ ᠤ ᠣᠩᠭᠣᠨ ᠬᠦᠷᠢᠶᠡᠯᠡᠩ

ᠰᠢᠭᠦᠮᠵᠢ