• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠰᠤᠷ ᠬᠠᠷᠪᠤᠬᠤ ᠶᠢᠨ ᠶᠣᠰᠣ ᠵᠦᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 1.69 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-02
  • ᠄   1
  • ᠄   0
  • ᠄   0
  • ᠄  0

ᠰᠤᠷ ᠬᠠᠷᠪᠤᠬᠤ ︱ ᠶᠣᠰᠣ ᠵᠦᠢ
ᠨᠢᠭᠡ ᠂ ᠴᠡᠭᠡᠷ ᠬᠣᠷᠢᠭ ︱
ᠬᠣᠭᠣᠰᠣᠨ ᠨᠤᠮᠤ ᠡᠪᠰᠢᠶᠡᠯᠭᠡᠬᠦ ᠦᠭᠡᠢ ᠵᠡᠷᠭᠡ ᠣᠯᠠᠨ ᠴᠡᠭᠡᠷ ᠬᠣᠷᠢᠭ ᠪᠠᠶᠢᠳᠠᠭ ᠃ ᠡᠳᠡᠭᠡᠷ ᠨᠢ ᠪᠠᠶᠢᠯᠳᠤᠭᠠᠨ ᠤ ᠵᠡᠪᠰᠡᠭ
ᠪᠣᠯᠤᠭᠰᠠᠨ ᠨᠤᠮᠤ ᠰᠤᠮᠤᠨ ᠤ ᠤᠳᠠᠭᠠᠨ ᠬᠡᠷᠡᠭᠯᠡᠭᠡ ᠂ ᠶᠠᠰᠤ ᠴᠢᠨᠠᠷ ᠢ ᠬᠠᠮᠠᠭᠠᠯᠠᠬᠤ ᠲᠠᠢ ᠬᠣᠯᠪᠣᠭᠳᠠᠬᠤ ᠪᠥᠭᠡᠳ ᠮᠣᠷᠠᠯ ᠶᠣᠰᠣ ᠂ ᠵᠠᠩ
ᠵᠠᠩᠰᠢᠯ ᠲᠠᠢ ᠴᠣ ᠴᠢᠬᠤᠯᠠ ᠬᠣᠯᠪᠣᠭ᠎ᠠ ᠲᠠᠢ ᠃ ᠶᠡᠷᠦ ᠨᠢ ᠡᠷ᠎ᠡ ᠬᠥᠮᠦᠨ ᠦ ᠡᠷᠬᠢᠮ ᠡᠷᠳᠡᠮ ᠦᠨ ᠨᠢᠭᠡ ᠪᠣᠯᠤᠭᠰᠠᠨ ᠨᠤᠮᠤ ᠰᠤᠮᠤ ᠪᠠᠨ
ᠳᠡᠭᠡᠳᠦᠯᠡᠬᠦ ᠤᠯᠠᠮᠵᠢᠯᠠᠯ ᠶᠡᠬᠡ ᠡᠷᠲᠡᠨ ᠡᠴᠡ ᠪᠠᠶᠢᠭᠰᠠᠨ ᠪᠣᠯᠬᠣᠷ ᠨᠤᠮᠤ ᠰᠤᠮᠤ ᠪᠠᠨ ᠬᠠᠮᠢᠶ᠎ᠠ ᠨᠠᠮᠢᠶ᠎ᠠ ᠦᠭᠡᠢ ᠬᠠᠶᠠᠬᠤ ᠂ ᠭᠢᠰᠬᠢᠬᠦ ᠶᠢ
ᠴᠡᠭᠡᠷᠯᠡᠳᠡᠭ ᠨᠢ ᠪᠡᠯᠭᠡᠰᠢᠶᠡᠯ ᠦᠨ ᠶᠣᠰᠣᠨ ᠲᠠᠢ ᠬᠣᠯᠪᠣᠭᠳᠠᠨ᠎ᠠ ᠃ ᠮᠥᠨ ᠴᠣ ᠴᠢᠭᠢᠭ ᠨᠣᠶᠢᠲᠠᠨ ᠳᠤ ᠨᠤᠮᠤ ᠰᠤᠮᠤ ᠠᠮᠠᠷᠬᠠᠨ
ᠭᠠᠵᠢᠬᠤ ᠪᠣᠯᠬᠣᠷ ᠴᠢᠭᠢᠭᠲᠦᠭᠦᠯᠬᠦ ᠡᠴᠡ ᠬᠢᠴᠢᠶᠡᠳᠡᠭ ᠃ ᠰᠤᠷ ᠬᠠᠷᠪᠤᠯᠲᠠ ᠪᠣᠯ ᠣᠯᠢᠮᠫᠢᠺ ᠤᠨ ᠨᠠᠭᠠᠳᠤᠮ ᠤᠨ ᠤᠷᠤᠯᠳᠤᠭᠠᠨ ᠤ
ᠵᠢᠩᠬᠢᠨᠢ ᠲᠥᠷᠥᠯ ᠶᠤᠮ ᠃ ᠲᠡᠭᠡᠬᠦ ᠪᠡᠷ ᠮᠣᠩᠭᠣᠯᠴᠤᠳ ᠥᠪᠡᠷ ᠦᠨ ᠰᠤᠷ ᠬᠠᠷᠪᠤᠯᠲᠠ ᠶᠢᠨ ᠨᠠᠭᠠᠳᠤᠮ ᠤᠨ ᠴᠡᠭᠡᠷ ᠬᠣᠷᠢᠭ ᠢᠶᠠᠨ
ᠬᠦᠨᠳᠦᠳᠬᠡᠬᠦ ᠡᠴᠡ ᠭᠠᠳᠠᠨ᠎ᠠ ᠳᠡᠯᠡᠬᠡᠢ ᠨᠠᠶᠢᠳᠠ ᠳᠠᠬᠢ ᠬᠥᠭᠵᠢᠯ ᠢ ᠨᠢ ᠴᠣ ᠠᠩᠬᠠᠷᠴᠤ ᠂ ᠰᠤᠷᠬᠤ ᠬᠡᠷᠡᠭᠲᠡᠢ ᠪᠠᠶᠢᠨ᠎ᠠ ᠃

y1
ᠨᠤᠮᠤ ᠰᠤᠮᠤ ᠶᠢᠨ ᠳᠡᠭᠡᠭᠦᠷ ᠠᠯᠬᠤᠵᠤ ᠪᠣᠯᠬᠤ ᠦᠭᠡᠢ ᠃ ᠴᠢᠭᠢᠭ ᠨᠣᠶᠢᠲᠠᠨ ᠲᠠᠢ ᠭᠠᠵᠠᠷ ᠨᠤᠮᠤ ᠪᠠᠨ ᠲᠠᠯᠪᠢᠬᠤ ᠦᠭᠡᠢ ᠃
ᠨᠣᠬᠠᠢ ᠮᠣᠷᠢᠨ ᠤ ᠵᠦᠭ ᠣᠨᠢᠯᠠᠵᠤ ᠪᠣᠯᠬᠤ ᠦᠭᠡᠢ ᠃ ᠥᠪᠡᠷ ᠪᠤᠰᠤᠳ ᠤᠨ ᠬᠢ ᠶᠢ ᠳᠤᠷ᠎ᠠ ᠪᠠᠷ ᠰᠣᠯᠢᠵᠤ ᠬᠡᠷᠡᠭᠡᠯᠡᠬᠦ ᠦᠭᠡᠢ ᠃
ᠠᠶᠢᠯ ᠳᠤ ᠨᠤᠮᠤ ᠰᠤᠮᠤ ᠪᠠᠨ ᠡᠭᠦᠷᠴᠦ ᠣᠷᠣᠵᠤ ᠪᠣᠯᠬᠤ ᠦᠭᠡᠢ ᠃

y2
ᠬᠣᠶᠠᠷ ᠂ ᠳᠦᠷᠢᠮ ᠭᠣᠷᠢᠮ ︱
ᠨᠤᠮᠤ ᠶᠢᠨ ᠬᠡᠮᠵᠢᠶ᠎ᠡ ᠶᠢ ᠶᠡᠷᠦᠩᠬᠡᠢ ᠳᠦ ᠨᠢ ᠶᠡᠬᠡ ᠭᠠᠷ ᠤᠨ ᠂ ᠳᠤᠮᠳᠠᠳᠤ ᠭᠠᠷ ᠤᠨ ᠂ ᠪᠠᠭ᠎ᠠ ᠭᠠᠷ ᠤᠨ ᠨᠤᠮᠤ ᠭᠡᠵᠦ
ᠬᠤᠪᠢᠶᠠᠭᠠᠳ ᠂ ᠶᠡᠬᠡ ᠭᠠᠷ ᠤᠨ ᠨᠤᠮᠤ ᠶᠢᠨ ᠤᠷᠲᠤ ᠶᠢ 165  170 ᠰᠡᠨᠲ᠋ᠢᠮᠧᠲ᠋ᠷ ; ᠳᠤᠮᠳᠠᠳᠤ ᠭᠠᠷ ᠤᠨ ᠨᠤᠮᠤ ᠶᠢ 160
ᠰᠡᠨᠲ᠋ᠢᠮᠧᠲ᠋ᠷ ; ᠪᠠᠭ᠎ᠠ ᠭᠠᠷ ᠤᠨ ᠨᠤᠮᠤ ᠶᠢ 150 ᠰᠡᠨᠲ᠋ᠢᠮᠧᠲ᠋ᠷ ᠢᠶᠡᠷ ᠬᠢᠳᠡᠭ ᠪᠠᠶᠢᠨ᠎ᠠ ᠃ ᠡᠷᠡᠭᠲᠡᠶᠢᠴᠦᠳ ᠦᠨ ᠰᠤᠷ ᠬᠠᠷᠪᠤᠯᠲᠠ ᠶᠢᠨ
ᠬᠣᠯᠠ ᠵᠠᠢ ᠨᠢ 75 ᠮᠧᠲ᠋ᠷ ; ᠡᠮᠡᠭᠲᠡᠶᠢᠴᠦᠳ ᠦᠨ ᠰᠤᠷ ᠬᠠᠷᠪᠤᠯᠲᠠ ᠶᠢᠨ ᠵᠠᠢ ᠨᠢ 60 ᠮᠧᠲ᠋ᠷ ; ᠬᠡᠦᠬᠡᠳ ᠦᠨ ᠰᠤᠷ ᠬᠠᠷᠪᠤᠯᠲᠠ
ᠶᠢᠨ  ᠬᠣᠯᠠ ᠵᠠᠢ ᠶᠢ ᠬᠦᠢᠰᠦ ᠢᠯᠭᠠᠯ ᠪᠠ ᠨᠠᠰᠤᠨ ᠤ ᠬᠡᠮᠵᠢᠶ᠎ᠡ ᠪᠡᠷ ᠠᠳᠠᠯᠢ ᠦᠭᠡᠢ ᠲᠣᠭᠲᠠᠭᠠᠳᠠᠭ ᠵᠢᠮ᠎ᠡ ᠲᠡᠢ ᠃ ᠰᠤᠷ
ᠬᠠᠷᠪᠤᠯᠲᠠ ᠳᠤ ᠨᠠᠢᠮᠠ ᠠᠴᠠ ᠠᠷᠪᠠᠨ ᠲᠤᠯᠤᠭᠠᠨ ᠨᠠᠰᠤᠨ ᠤ ᠥᠬᠢᠳ ᠬᠥᠪᠡᠭᠦᠳ ᠂ ᠠᠷᠪᠠᠨ ᠨᠠᠢᠮᠠ ᠪᠠ ᠲᠡᠭᠦᠨ ᠡᠴᠡ ᠳᠡᠭᠡᠭᠰᠢ
ᠨᠠᠰᠤᠨ ᠤ ᠡᠷᠡᠭᠲᠡᠢ ᠡᠮᠡᠭᠲᠡᠢ ᠣᠷᠣᠯᠴᠠᠳᠠᠭ ᠃ ᠭᠡᠬᠦ ᠳᠦ ᠪᠡᠨ ᠨᠤᠮᠤ ᠰᠤᠮᠤ ᠶᠢ ᠵᠥᠪ ᠡᠵᠡᠮᠰᠢᠭᠰᠡᠨ ᠂ ᠬᠠᠷᠪᠤᠯᠲᠠ ᠶᠢᠨ ᠳᠦᠷᠢᠮ
ᠭᠣᠷᠢᠮ ᠢ ᠰᠠᠶᠢᠨ ᠮᠡᠳᠡᠳᠡᠭ ᠬᠥᠮᠦᠰ ᠢ ᠨᠠᠰᠤ ᠬᠦᠢᠰᠦᠨ ᠦ ᠬᠢᠨᠢ ᠢᠯᠭᠠᠯ ᠢᠶᠠᠷ ᠣᠷᠣᠯᠴᠠᠭᠤᠯᠳᠠᠭ ᠃

ᠰᠤᠷ ᠬᠠᠷᠪᠤᠬᠤ ᠶᠢᠨ ᠶᠣᠰᠣ ᠵᠦᠢ

ᠰᠤᠷ ᠬᠠᠷᠪᠤᠬᠤ ᠶᠢᠨ ᠶᠣᠰᠣ ᠵᠦᠢ

ᠰᠤᠷ ᠬᠠᠷᠪᠤᠬᠤ ᠶᠢᠨ ᠶᠣᠰᠣ ᠵᠦᠢ

ᠰᠢᠭᠦᠮᠵᠢ