• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠤᠷ ᠬᠠᠷᠪᠤᠬᠤ ᠶᠢᠨ ᠳᠣᠮᠣᠭ ᠬᠠᠭᠤᠴᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 2.00 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2017-02-10
 • ᠄   1
 • ᠄   0
 • ᠄   0
 • ᠄  0

ᠰᠤᠷ ᠬᠠᠷᠪᠤᠬᠤ ︱ ᠳᠣᠮᠣᠭ ᠬᠠᠭᠤᠴᠢ
ᠡᠷᠡᠬᠡᠢ ᠮᠡᠷᠭᠡᠨ ᠦ ᠲᠠᠷᠪᠠᠭ᠎ᠠ ᠪᠣᠯᠤᠭᠰᠠᠨ ᠦᠯᠢᠭᠡᠷ ︱

d1
ᠡᠷᠲᠡ ᠤᠷᠢᠳᠤ ᠶᠢᠨ ᠴᠠᠭ ᠲᠤ ᠲᠤᠯᠤᠭᠠᠨ ᠨᠠᠷᠠ ᠭᠠᠷᠤᠭᠠᠳ ᠠᠷᠭ᠎ᠠ ᠦᠭᠡᠢ ᠶᠡᠬᠡ ᠭᠠᠩ ᠭᠠᠴᠢᠭ ᠪᠣᠯᠤᠭᠠᠳ ᠬᠡᠴᠡᠭᠦᠳᠡᠵᠦ
ᠭᠡᠨ᠎ᠡ ᠃ ᠲᠡᠷᠡ ᠦᠶ᠎ᠡ ᠳᠦ ᠡᠷᠡᠬᠡᠢ ᠮᠡᠷᠭᠡᠨ ᠭᠡᠳᠡᠭ ᠬᠠᠷᠠᠭᠰᠠᠨ ᠢᠶᠠᠨ ᠬᠠᠷᠪᠤᠳᠠᠭ ᠂ ᠬᠠᠷᠪᠤᠭᠰᠠᠨ ᠢᠶᠠᠨ ᠣᠨᠣᠭᠠᠳᠠᠭ ᠬᠠᠪᠤᠲᠠᠢ ᠮᠡᠷᠭᠡᠨ
ᠬᠠᠷᠪᠤᠭᠠᠴᠢ ᠪᠠᠶᠢᠵᠤ ᠭᠡᠨ᠎ᠡ ᠃ ︽ ᠣᠭᠲᠠᠷᠭᠤᠢ ᠳᠤ ᠭᠠᠷᠤᠭᠰᠠᠨ ᠣᠯᠠᠨ ᠨᠠᠷᠠ ᠶᠢ ᠬᠠᠷᠪᠤᠵᠤ ᠥᠭᠭᠦᠭᠡᠴᠢ ︾ ᠭᠡᠵᠦ ᠣᠯᠠᠨ ᠠᠮᠢᠲᠠᠨ
ᠲᠡᠭᠦᠨ ᠳᠦ ᠭᠤᠶᠤᠵᠤ ᠭᠡᠨ᠎ᠡ ᠃ ᠡᠷ᠎ᠡ ᠶᠢᠨ ᠰᠠᠶᠢᠨ ᠡᠷᠡᠬᠡᠢ ᠮᠡᠷᠭᠡᠨ ᠂ ᠮᠡᠷᠭᠡᠨ ᠬᠠᠷᠪᠤᠳᠠᠭ ᠲᠤ ᠪᠠᠨ ᠡᠷᠲᠦᠵᠦ ᠄ ︽ ᠲᠤᠯᠤᠭᠠᠨ ᠨᠠᠷᠠ
ᠶᠢ ᠪᠢ ᠲᠤᠯᠤᠭᠠᠨ ᠰᠤᠮᠤ ᠪᠠᠷ ᠬᠠᠷᠪᠤᠭᠠᠳ ᠤᠰᠠᠳᠬᠠᠵᠤ ᠴᠢᠳᠠᠬᠤ ᠦᠭᠡᠢ ᠪᠣᠯ ᠡᠷ᠎ᠡ ᠬᠥᠮᠦᠨ ᠢᠶᠡᠨ ᠪᠠᠶᠢᠭᠠᠳ ᠬᠠᠷ᠎ᠠ ᠤᠰᠤ
ᠤᠤᠭᠤᠬᠤ ᠦᠭᠡᠢ ᠂ ᠬᠠᠭᠳᠠ ᠡᠪᠡᠰᠦ ᠢᠳᠡᠬᠦ ᠦᠭᠡᠢ ᠠᠮᠢᠲᠠᠨ ᠪᠣᠯᠵᠤ ᠬᠠᠷᠠᠩᠭᠤᠢ ᠨᠦᠬᠡᠨ ᠳᠦ ᠠᠮᠢᠳᠤᠷᠠᠨ᠎ᠠ ︾ ᠭᠡᠵᠦ ᠠᠮᠠ
ᠠᠯᠳᠠᠵᠤ ᠭᠡᠨ᠎ᠡ ᠃ ᠲᠡᠭᠡᠭᠡᠳ ᠳᠣᠷᠣᠨᠠᠲᠤ ᠠᠴᠠ ᠥᠷᠥᠨᠡᠲᠦ ᠬᠦᠷᠲᠡᠯ᠎ᠡ ᠴᠤᠪᠤᠷᠠᠭᠰᠠᠨ ᠲᠤᠯᠤᠭᠠᠨ ᠨᠠᠷᠠ ᠶᠢ ᠵᠡᠭᠦᠨ ᠡᠴᠡ ᠨᠢ
ᠬᠠᠷᠪᠤᠭᠠᠳ ᠵᠢᠷᠭᠤᠭ᠎ᠠ ᠶᠢ ᠨᠢ ᠤᠰᠠᠳᠬᠠᠴᠢᠬᠠᠭᠠᠳ ᠳᠣᠯᠣᠳᠠᠬᠢ ᠶᠢ ᠨᠢ ᠬᠠᠷᠪᠤᠬᠤ ᠭᠡᠵᠦ ᠨᠤᠮᠤ ᠪᠠᠨ ᠳᠡᠯᠢᠵᠦ ᠪᠠᠶᠢᠲᠠᠯ᠎ᠠ
ᠬᠠᠷᠢᠶᠠᠴᠠᠢ ᠰᠢᠪᠠᠭᠤ ᠬᠣᠭᠣᠷᠣᠨᠳᠣᠭᠤᠷ ᠨᠢ ᠣᠷᠣᠵᠤ ᠬᠠᠯᠬᠠᠯᠠᠭᠰᠠᠨ ᠳᠤ ᠰᠤᠮᠤ ᠨᠢ ᠬᠠᠷᠢᠶᠠᠴᠠᠢ ᠶᠢᠨ ᠰᠡᠭᠦᠯ ᠢ ᠰᠡᠲᠡ ᠤᠨᠤᠵᠤ
ᠬᠣᠶᠠᠷ ᠰᠠᠯᠠᠭ᠎ᠠ ᠪᠣᠯᠭᠠᠭᠰᠠᠨ ᠭᠡᠨ᠎ᠡ ᠃ ᠨᠥᠭᠥᠭᠡ ᠰᠡᠭᠦᠯᠴᠢ ᠶᠢᠨ ᠨᠠᠷᠠ ᠡᠷᠡᠬᠡᠢ ᠮᠡᠷᠭᠡᠨ ᠡᠴᠡ ᠠᠶᠤᠭᠠᠳ ᠠᠭᠤᠯᠠ ᠶᠢᠨ ᠴᠠᠭᠠᠭᠤᠷ
ᠣᠷᠣᠴᠢᠬᠠᠵᠠᠢ ᠃ ᠡᠷᠡᠬᠡᠢ ᠮᠡᠷᠭᠡᠨ ᠰᠠᠭᠠᠳ ᠪᠣᠯᠤᠭᠰᠠᠨ ᠬᠠᠷᠢᠶᠠᠴᠠᠢ ᠰᠢᠪᠠᠭᠤ ᠶᠢ ᠬᠠᠷᠴᠠᠭᠠᠢ ᠠᠯᠠᠭ ᠮᠣᠷᠢ ᠪᠠᠷ ᠢᠶᠠᠨ ᠬᠥᠭᠡᠭᠡᠵᠦ
ᠠᠯᠠᠬᠤ ᠭᠡᠰᠡᠨ ᠳᠦ ᠮᠣᠷᠢ ᠨᠢ ᠄ ︽ ᠬᠠᠷᠢᠶᠠᠴᠠᠢ ᠰᠢᠪᠠᠭᠤ ᠶᠢ ᠪᠢ ᠬᠥᠭᠡᠭᠡᠵᠦ ᠭᠦᠢᠴᠡᠬᠦ ᠦᠭᠡᠢ ᠪᠣᠯ ᠬᠥᠯ ᠮᠥᠴᠡ ᠶᠢ ᠣᠭᠲᠣᠯᠤᠭᠠᠳ
ᠬᠥᠳᠡᠭᠡ ᠭᠠᠵᠠᠷ ᠬᠠᠶᠠᠭᠠᠷᠠᠢ ᠂ ᠪᠢ ᠡᠮᠡᠭᠡᠯᠲᠦ ᠮᠣᠷᠢ ᠪᠠᠨ ᠪᠠᠶᠢᠭᠠᠳ ᠡᠩᠬᠦᠯ ᠳᠣᠩᠬᠣᠯ ᠭᠠᠵᠠᠷ ᠠᠮᠢᠳᠤᠷᠠᠬᠤ ᠪᠣᠯᠤᠨ᠎ᠠ ︾ ᠭᠡᠵᠦ ᠭᠡᠨ᠎ᠡ᠃
ᠬᠠᠷᠢᠶᠠᠴᠠᠢ ᠰᠢᠪᠠᠭᠤ ᠶᠢ ᠬᠥᠭᠡᠭᠡᠭᠡᠳ ᠦᠦᠷ ᠡᠴᠡ ᠪᠦᠷᠦᠢ ᠪᠣᠯᠲᠠᠯ᠎ᠠ ᠭᠦᠢᠴᠡᠭᠰᠡᠨ ᠦᠭᠡᠢ ᠪᠣᠯᠬᠣᠷ ᠡᠷᠡᠬᠡᠢ ᠮᠡᠷᠭᠡᠨ ᠠᠭᠤᠷᠯᠠᠭᠠᠳ
ᠮᠣᠷᠢᠨ ᠤ ᠪᠠᠨ ᠤᠷᠢᠳᠤ ᠬᠣᠶᠠᠷ ᠬᠥᠯ ᠢ ᠣᠭᠲᠣᠯᠤᠭᠠᠳ ᠬᠥᠳᠡᠭᠡ ᠬᠠᠶᠠᠴᠢᠬᠠᠭᠰᠠᠨ ᠴᠢᠨᠢ ᠠᠯᠠᠭᠳᠠᠭ᠎ᠠ ᠪᠣᠯᠵᠤ ᠭᠡᠨ᠎ᠡ ᠃ ᠠᠯᠠᠭᠳᠠᠭ᠎ᠠ
ᠶᠢᠨ ᠤᠷᠢᠳᠤ ᠬᠣᠶᠠᠷ ᠬᠥᠯ ᠪᠣᠭᠣᠨᠢ ᠪᠠᠶᠢᠳᠠᠭ ᠤᠨ ᠤᠴᠢᠷ ᠲᠡᠷᠡ ᠭᠡᠨ᠎ᠡ ᠃ ᠬᠠᠷᠢᠶᠠᠴᠠᠢ ᠰᠢᠪᠠᠭᠤ ᠮᠣᠷᠢᠲᠠᠢ ᠬᠥᠮᠦᠨ ᠦ ᠤᠷᠢᠳᠤᠭᠤᠷ
ᠬᠣᠶᠢᠭᠤᠷ ᠨᠢᠰᠳᠡᠭ ᠨᠢ ︽ ᠨᠠᠮᠠᠶᠢ ᠭᠦᠢᠴᠡᠬᠦ ᠤᠤ ? ᠭᠦᠢᠴᠡᠬᠦ ᠤᠤ ? ︾ ᠭᠡᠵᠦ ᠳᠣᠭᠣᠭᠢᠯᠠᠵᠤ ᠪᠠᠶᠢᠭ᠎ᠠ ᠨᠢ ᠲᠡᠷᠡ ᠭᠡᠨ᠎ᠡ ᠃
ᠡᠷᠡᠬᠡᠢ ᠮᠡᠷᠭᠡᠨ ᠴᠣ ᠲᠠᠩᠭᠠᠷᠢᠭ ᠶᠣᠰᠣᠭᠠᠷ ᠢᠶᠠᠨ ᠡᠷᠡᠬᠡᠢ ᠬᠤᠷᠤᠭᠤ ᠪᠠᠨ ᠣᠭᠲᠣᠯᠤᠭᠠᠳ ᠡᠷ᠎ᠡ ᠬᠥᠮᠦᠨ ᠢᠶᠡᠨ ᠪᠠᠶᠢᠭᠠᠳ ᠂
ᠬᠠᠷ᠎ᠠ ᠤᠰᠤ ᠤᠤᠭᠤᠳᠠᠭ ᠦᠭᠡᠢ ᠂ ᠬᠠᠭᠳᠠ ᠡᠪᠡᠰᠦ ᠢᠳᠡᠳᠡᠭ ᠦᠭᠡᠢ ᠲᠠᠷᠪᠠᠭ᠎ᠠ ᠪᠣᠯᠤᠭᠠᠳ ᠬᠠᠷᠠᠩᠭᠤᠢ ᠨᠦᠬᠡᠨ ᠳᠦ ᠠᠮᠢᠳᠤᠷᠠᠳᠠᠭ
ᠪᠣᠯᠤᠭᠰᠠᠨ ᠭᠡᠨ᠎ᠡ ᠃ ᠲᠠᠷᠪᠠᠭ᠎ᠠ ᠶᠢᠨ ᠬᠥᠯ ᠦᠨ ᠴᠠᠷᠪᠠᠭᠤ ᠳᠥᠷᠪᠡ ᠪᠠᠶᠢᠳᠠᠭ ᠤᠨ ᠤᠴᠢᠷ ᠨᠢ ᠡᠶᠢᠮᠦ ᠭᠡᠨ᠎ᠡ ᠃ ᠲᠠᠷᠪᠠᠭ᠎ᠠ ᠥᠷᠯᠥᠭᠡ
ᠣᠷᠣᠢ ᠶᠢᠨ ᠨᠠᠷᠠ ᠪᠠᠷ ᠨᠦᠬᠡᠨ ᠡᠴᠡ ᠪᠡᠨ ᠭᠠᠷᠳᠠᠭ ᠤᠨ ᠤᠴᠢᠷ ᠨᠢ ᠨᠠᠷᠠ ᠶᠢ ᠬᠠᠷᠪᠤᠨ᠎ᠠ ᠭᠡᠵᠦ ᠬᠦᠯᠢᠶᠡᠵᠦ ᠪᠠᠶᠢᠭ᠎ᠠ ᠨᠢ ᠲᠡᠷᠡ
ᠶᠤᠮ ᠭᠡᠨ᠎ᠡ ᠃ ᠲᠠᠷᠪᠠᠭᠠᠨ ᠳᠤ ᠬᠥᠮᠦᠨ ᠦ ᠮᠢᠬ᠎ᠠ ᠪᠠᠶᠢᠳᠠᠭ ᠭᠡᠳᠡᠭ ᠨᠢ ᠡᠷᠡᠬᠡᠢ ᠮᠡᠷᠭᠡᠨ ᠡᠴᠡ ᠬᠤᠪᠢᠯᠤᠭᠰᠠᠨ ᠪᠣᠯᠬᠣᠷ ᠲᠡᠶᠢᠮᠦ ᠭᠡᠨ᠎ᠡ᠃
ᠮᠥᠨ ᠴᠣ ᠦᠯᠡᠳᠡᠭᠰᠡᠨ ᠭᠠᠭᠴᠠ ᠨᠠᠷᠠ ᠡᠷᠡᠬᠡᠢ ᠮᠡᠷᠭᠡᠨ ᠡᠴᠡ ᠠᠶᠤᠭᠠᠳ ᠠᠭᠤᠯᠠᠨ ᠤ ᠴᠠᠭᠠᠭᠤᠷ ᠣᠷᠣᠭᠰᠠᠨ ᠪᠣᠯᠬᠣᠷ ᠡᠳᠦᠷ
ᠰᠥᠨᠢ ᠡᠭᠡᠯᠵᠢᠯᠡᠳᠡᠭ ᠪᠣᠯᠵᠠᠢ ᠃

ᠰᠤᠷ ᠬᠠᠷᠪᠤᠬᠤ ᠶᠢᠨ ᠳᠣᠮᠣᠭ ᠬᠠᠭᠤᠴᠢ

ᠰᠢᠭᠦᠮᠵᠢ