• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠰᠤᠷ ᠬᠠᠷᠪᠤᠬᠤ ᠶᠢᠨ ᠡᠳ᠋ᠯᠡᠯ ᠲᠣᠨᠣᠭ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 0 bytes
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-02
 • ᠄   1
 • ᠄   0
 • ᠄   0
 • ᠄  0

ᠰᠤᠷ ᠬᠠᠷᠪᠤᠬᠤ ︱ ᠡᠳ᠋ᠯᠡᠯ ᠲᠣᠨᠣᠭ
ᠰᠤᠮᠤ ︱
ᠰᠤᠮᠤ ᠶᠢ ᠭᠣᠳᠣᠯᠢ ᠂ ᠰᠤᠮᠤᠨ ᠤ ᠡᠰᠢ ᠂ ᠰᠤᠮᠤᠨ ᠤ ᠰᠡᠭᠦᠯ ᠂ ᠰᠤᠮᠤᠨ ᠤ ᠥᠲᠥ ᠭᠡᠵᠦ ᠬᠤᠪᠢᠶᠠᠨ ᠨᠡᠷᠡᠯᠡᠳᠡᠭ ᠃ ᠤᠭ
ᠨᠢ ᠮᠣᠳᠣ ᠪᠠᠷ ᠡᠰᠢ ᠬᠢᠵᠦ ᠂ ᠲᠡᠮᠦᠷ ᠢᠶᠡᠷ ᠭᠣᠳᠣᠯᠢ ᠬᠢᠵᠦ ᠂ ᠰᠢᠪᠠᠭᠤᠨ ᠤ ᠥᠲᠥ ᠪᠡᠷ ᠥᠲᠥᠯᠡᠵᠦ ᠪᠠᠶᠢᠵᠠᠢ ᠃ ᠣᠳᠣ ᠬᠥᠩᠭᠡᠨ
ᠴᠠᠭᠠᠨ ᠤ ᠬᠠᠶᠢᠯᠤᠰᠢ ᠶᠢᠨ ᠵᠠᠭᠠᠳᠠᠰᠤ ᠦᠭᠡᠢ ᠲᠣᠭᠣᠷᠢᠭ ᠬᠣᠭᠣᠯᠠᠢ ᠪᠠᠷ ᠰᠤᠮᠤᠨ ᠤ ᠡᠰᠢ ᠬᠢᠵᠦ ᠂ ᠭᠣᠳᠣᠯᠢ ᠶᠢ ᠨᠢ ᠪᠣᠯᠣᠳ ᠢᠶᠠᠷ
ᠬᠢᠵᠦ ᠂ ᠰᠦᠯᠢᠶᠣᠣ ᠬᠠᠪᠲᠠᠭᠠᠢ ᠪᠤᠶᠤ ᠥᠲᠥ ᠪᠡᠷ ᠥᠲᠥᠯᠡᠵᠦ ᠪᠠᠶᠢᠨ᠎ᠠ ᠃ ᠪᠠᠯᠠᠷ ᠡᠷᠲᠡᠨ ᠦ ᠬᠥᠮᠦᠰ ᠦᠨ ᠬᠡᠷᠡᠭᠯᠡᠵᠦ ᠪᠠᠶᠢᠭᠰᠠᠨ
ᠬᠠᠷᠪᠤᠭᠤᠯ ᠵᠢᠳᠠ ᠪᠣᠯ ᠰᠤᠮᠤᠨ ᠤ ᠠᠩᠬᠠᠨ ᠤ ᠬᠡᠯᠪᠡᠷᠢ ᠭᠡᠵᠦ ᠬᠡᠯᠡᠵᠦ ᠪᠣᠯᠤᠨ᠎ᠠ ᠃ ᠬᠠᠷᠪᠤᠭᠤᠯ ᠵᠢᠳᠠ ᠶᠢ ᠬᠥᠮᠦᠨ ᠦ ᠬᠦᠴᠦ ᠪᠡᠷ
ᠰᠢᠳᠡᠳᠡᠭ ᠪᠠᠶᠢᠭᠰᠠᠨ ᠪᠣᠯᠬᠣᠷ ᠲᠤᠰᠤᠯᠲᠠ ᠨᠢ ᠬᠣᠯᠠ ᠪᠢᠰᠢ ᠂ ᠣᠨᠣᠪᠴᠢ ᠪᠠᠷ ᠠᠨᠠᠢ ᠂ ᠣᠯᠠᠨ ᠬᠠᠷᠪᠤᠭᠤᠯ ᠵᠢᠳᠠ ᠶᠢ ᠪᠡᠶ᠎ᠡ ᠳᠦ ᠪᠡᠨ
ᠠᠪᠴᠤ ᠶᠠᠪᠤᠬᠤ ᠪᠣᠯᠤᠮᠵᠢ ᠦᠭᠡᠢ ᠪᠠᠶᠢᠵᠠᠢ ᠃ ᠰᠡᠭᠦᠯ ᠳᠦ ᠨᠢ ᠨᠤᠮᠤ ᠪᠠᠷ ᠬᠠᠷᠪᠤᠬᠤ ᠠᠷᠭ᠎ᠠ ᠶᠢ ᠡᠭᠦᠳᠦᠭᠰᠡᠨ ᠦ ᠳᠠᠷᠠᠭ᠎ᠠ ᠮᠣᠳᠣ ᠶᠢ
ᠨᠠᠷᠢᠰᠬᠠᠨ ᠵᠣᠷᠭᠣᠵᠤ ᠂ ᠦᠵᠦᠭᠦᠷ ᠲᠦ ᠨᠢ ᠴᠢᠯᠠᠭᠤ ᠪᠤᠶᠤ ᠲᠡᠮᠦᠷᠯᠢᠭ ᠢᠶᠡᠷ ᠵᠠᠪᠠ ᠤᠭᠰᠠᠷᠠᠵᠤ ᠰᠤᠮᠤ ᠬᠢᠬᠦ ᠪᠣᠯᠤᠭᠰᠠᠨ ᠠᠵᠠᠢ ᠃
ᠳᠡᠭᠡᠷ᠎ᠡ ᠵᠠᠭᠤᠨ ᠤ ᠲᠠᠪᠢᠭᠠᠳ ᠣᠨ ᠪᠣᠯᠲᠠᠯ᠎ᠠ ᠰᠤᠮᠤ ᠶᠢ ᠮᠣᠳᠣ ᠪᠠᠷ ᠬᠢᠵᠦ ᠪᠠᠶᠢᠪᠠ ᠃ ᠵᠢᠷᠠᠭᠠᠳ ᠣᠨ ᠠᠴᠠ ᠬᠣᠶᠢᠰᠢ ᠲᠡᠮᠦᠷᠯᠢᠭ
ᠪᠤᠶᠤ ᠰᠦᠯᠢᠶᠣᠣ ᠰᠤᠮᠤ ᠬᠡᠷᠡᠭᠡᠯᠡᠬᠦ ᠪᠣᠯᠤᠭᠰᠠᠨ ᠶᠤᠮ ᠃

h1
ᠨᠤᠮᠤ︱
ᠨᠤᠮᠤ ᠶᠢ ᠤᠭ ᠨᠢ ᠪᠣᠭᠣ ᠶᠢᠨ ᠰᠢᠷᠪᠥᠰᠥ ᠪᠡᠷ ᠬᠥᠪᠴᠢᠯᠡᠵᠦ ᠂ ᠡᠪᠡᠷ ᠪᠤᠶᠤ ᠬᠠᠷᠢᠮᠠᠬᠠᠢ ᠴᠢᠨᠠᠷ ᠨᠢ ᠰᠠᠶᠢᠨ ᠮᠣᠳᠣ ᠶᠢ
ᠮᠡᠳᠡᠵᠦ ᠨᠤᠮᠤᠨ ᠤ ᠪᠡᠶ᠎ᠡ ᠶᠢ ᠨᠢ ᠬᠢᠳᠡᠭ ᠪᠠᠶᠢᠵᠠᠢ ᠃ ᠭᠡᠪᠡᠴᠦ ᠡᠶᠢᠮᠦ ᠨᠤᠮᠤ ᠨᠢ ᠠᠮᠠᠷᠬᠠᠨ ᠭᠠᠵᠢᠵᠤ ᠬᠡᠯᠪᠡᠷᠢ ᠪᠡᠨ ᠠᠯᠳᠠᠳᠠᠭ ᠪᠣᠯᠬᠣᠷ
1959 ᠣᠨ ᠠᠴᠠ ᠬᠣᠶᠢᠰᠢ ᠦᠨᠳᠦᠰᠦᠨ ᠳᠦ ᠪᠡᠨ ᠲᠡᠮᠦᠷᠯᠢᠭ ᠨᠤᠮᠤ ᠬᠡᠷᠡᠭᠡᠯᠡᠬᠦ ᠪᠣᠯᠤᠭᠰᠠᠨ ᠶᠤᠮ ᠃ ᠣᠳᠣ ᠪᠣᠯ ᠳᠡᠯᠡᠬᠡᠢ ᠨᠠᠶᠢᠳᠠ
ᠪᠠᠷ ᠢᠶᠠᠨ ᠣᠯᠠᠩᠬᠢ ᠳᠤ ᠪᠠᠨ ᠢᠯᠢᠨ ᠮᠢᠨᠳᠠᠰᠤᠨ ᠤᠲᠠᠰᠤᠨ ᠬᠥᠪᠴᠢ ᠲᠡᠢ ᠬᠥᠩᠭᠡᠨ ᠲᠡᠮᠦᠷᠯᠢᠭ ᠨᠤᠮᠤ ᠬᠡᠷᠡᠭᠡᠯᠡᠬᠦ ᠪᠣᠯᠤᠭᠰᠠᠨ ᠪᠢᠯᠡ ᠃
ᠣᠳᠣ ᠶᠢᠨ ᠨᠤᠮᠤ ᠶᠢ ᠭᠣᠣᠯᠳᠠᠭᠤ ᠰᠢᠯ ᠰᠢᠷᠬᠡᠭᠯᠢᠭ ᠦᠨ ᠨᠠᠭᠠᠮᠠᠯ ᠬᠠᠪᠲᠠᠰᠤ ᠪᠠᠷ ᠬᠢᠵᠦ ᠪᠤᠢ ᠃

h2
ᠫᠠᠢ ︱
ᠡᠨᠳᠡ ᠭᠣᠣᠯᠳᠠᠭᠤ ᠣᠳᠣ ᠶᠢᠨ ᠨᠠᠶᠢᠷ ᠨᠠᠭᠠᠳᠤᠮ ᠳᠤ ᠲᠦᠭᠡᠮᠡᠯ ᠬᠡᠷᠡᠭᠯᠡᠵᠦ ᠪᠠᠶᠢᠭ᠎ᠠ ᠰᠠᠷᠠᠨ ᠫᠠᠢ ᠶᠢ ᠵᠢᠱᠢᠶ᠎ᠡ ᠪᠣᠯᠭᠠᠨ
ᠲᠠᠨᠢᠯᠴᠠᠭᠤᠯᠤᠨ᠎ᠠ ᠃ ᠣᠳᠣ ᠶᠢᠨ ᠬᠡᠷᠡᠭᠯᠡᠵᠦ ᠪᠠᠶᠢᠭ᠎ᠠ ᠰᠠᠷᠠᠨ ᠫᠠᠢ ᠶᠢ 56 ᠰᠡᠨᠲ᠋ᠢᠮᠧᠲ᠋ᠷ ᠳ᠋ᠢᠶᠠᠮᠧᠲ᠋ᠷ ᠲᠡᠢ ᠂ 2 ᠰᠡᠨᠲ᠋ᠢᠮᠧᠲ᠋ᠷ ᠵᠤᠵᠠᠭᠠᠨ
ᠦᠬᠡᠷ ᠦᠨ ᠠᠷᠠᠰᠤᠨ ᠤ ᠳᠤᠮᠳᠠ ᠨᠢ ᠢᠰᠡᠭᠡᠢ ᠪᠤᠶᠤ ᠰᠢᠷᠲᠡᠭ ᠬᠠᠪᠴᠢᠭᠤᠯᠵᠤ ᠂ ᠨᠠᠷᠢᠬᠠᠨ ᠲᠡᠮᠡᠭᠡᠨ ᠰᠤᠷ ᠢᠶᠠᠷ ᠣᠶᠣᠵᠤ
ᠪᠡᠯᠡᠳᠬᠡᠭᠡᠳ ᠲᠡᠭᠦᠨ ᠢᠶᠡᠨ ᠱᠣᠩ ᠮᠣᠳᠣᠨ ᠳᠡᠭᠡᠷ᠎ᠡ ᠲᠠᠯᠠᠵᠤ ᠲᠣᠭᠲᠠᠭᠠᠳᠠᠭ ᠃ ᠳᠡᠭᠡᠷ᠎ᠡ ᠨᠢ ᠬᠤᠪᠢ ᠲᠡᠮᠳᠡᠭᠡᠯᠡᠬᠦ ᠳᠦ ᠵᠣᠷᠢᠭᠤᠯᠤᠭᠰᠠᠨ
ᠳᠥᠷᠪᠡᠨ ᠴᠠᠭᠠᠷᠢᠭ ᠲᠠᠢ ᠪᠠᠶᠢᠳᠠᠭ ᠃ ᠰᠠᠷᠠᠨ ᠫᠠᠢ ᠶᠢᠨ ᠴᠠᠭᠠᠷᠢᠭ ᠢ ᠭᠠᠳᠠᠨ᠎ᠠ ᠠᠴᠠ ᠨᠢ ᠳᠣᠲᠣᠭᠰᠢ ᠪᠠᠨ ᠨᠢᠭᠡ ᠂ ᠬᠣᠶᠠᠷ ᠂ ᠭᠤᠷᠪᠠ᠂
ᠳᠥᠷᠪᠡ ᠂ ᠶᠠᠩᠶᠠᠷ  ᠭᠡᠵᠦ ᠲᠣᠭᠠᠯᠠᠳᠠᠭ ᠵᠠᠩᠰᠢᠯ ᠲᠠᠢ ᠃ ᠶᠠᠩᠶᠠᠷ  ᠭᠡᠳᠡᠭ ᠨᠢ ᠬᠠᠮᠤᠭ ᠤᠨ ᠵᠢᠵᠢᠭ ᠴᠠᠭᠠᠷᠢᠭ ᠢ ᠬᠡᠯᠡᠳᠡᠭ ᠪᠥᠭᠡᠳ
ᠲᠡᠭᠦᠨ ᠢ ᠣᠨᠣᠭᠠᠪᠠᠯ ᠲᠠᠪᠤᠨ ᠬᠤᠪᠢ ᠲᠡᠮᠳᠡᠭᠯᠡᠳᠡᠭ ᠃
ᠰᠤᠷᠴᠢᠨ ᠤ ᠵᠠᠰᠠᠯ ︱
ᠴᠡᠭᠡᠵᠢᠪᠴᠢ︱ ᠴᠡᠭᠡᠵᠢᠪᠴᠢ ᠶᠢ ᠠᠷᠠᠰᠤ ᠪᠠᠷ ᠬᠢᠳᠡᠭ ᠃ ᠨᠤᠮᠤ ᠳᠡᠪᠢᠭᠰᠡᠨ ᠦ ᠳᠠᠷᠠᠭ᠎ᠠ ᠬᠥᠪᠴᠢ ᠨᠢ ᠨᠤᠮᠤ
ᠠᠳᠬᠤᠭᠰᠠᠨ ᠲᠠᠯ᠎ᠠ ᠶᠢᠨ ᠴᠡᠭᠡᠵᠢᠨ ᠳᠦ ᠲᠤᠯᠵᠤ ᠂ ᠠᠮᠠᠷᠬᠠᠨ ᠴᠡᠭᠡᠵᠢᠨ ᠪᠤᠯᠴᠢᠩ ᠢ ᠭᠡᠮᠲᠦᠭᠡᠳᠡᠭ ᠪᠣᠯᠬᠣᠷ ᠴᠡᠭᠡᠵᠢᠪᠴᠢ ᠡᠮᠦᠰᠴᠦ
ᠬᠠᠮᠠᠭᠠᠯᠠᠳᠠᠭ ᠃
ᠪᠠᠭᠤᠪᠴᠢ ︱ ᠭᠣᠣᠯᠳᠠᠭᠤ ᠠᠷᠠᠰᠤ ᠪᠠᠷ ᠬᠢᠳᠡᠭ ᠃ ᠨᠤᠮᠤ ᠳᠡᠯᠢᠬᠦ ᠦᠶ᠎ᠡ ᠳᠦ ᠬᠥᠪᠴᠢ ᠨᠢ ᠨᠤᠮᠤ ᠪᠠᠷᠢᠭᠰᠠᠨ ᠭᠠᠷ ᠤᠨ
ᠡᠮᠦᠨ᠎ᠡ ᠲᠠᠯ᠎ᠠ ᠶᠢ ᠴᠣᠬᠢᠳᠠᠭ ᠪᠣᠯᠬᠣᠷ ᠪᠠᠭᠤᠪᠴᠢ ᠵᠡᠭᠦᠵᠦ ᠬᠠᠮᠠᠭᠠᠯᠠᠬᠤ ᠬᠡᠷᠡᠭᠲᠡᠢ ᠪᠠᠶᠢᠳᠠᠭ ᠃
ᠡᠷᠡᠬᠡᠶᠢᠪᠴᠢ ︱ ᠡᠷᠡᠬᠡᠶᠢᠪᠴᠢ ᠪᠣᠯ ᠨᠤᠮᠤ ᠳᠡᠯᠢᠵᠦ ᠬᠠᠷᠪᠤᠬᠤ ᠦᠶ᠎ᠡ ᠳᠦ ᠰᠤᠮᠤ ᠪᠠ ᠬᠥᠪᠴᠢ ᠶᠢ ᠲᠣᠭᠲᠠᠭᠠᠨ
ᠲᠠᠲᠠᠬᠤ ᠳᠤ ᠬᠡᠷᠡᠭᠴᠡᠭᠡ ᠲᠡᠢ ᠵᠦᠢᠯ ᠶᠤᠮ ᠃

ᠰᠢᠭᠦᠮᠵᠢ