• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠰᠤᠷ ᠬᠠᠷᠪᠤᠬᠤ ᠶᠢᠨ ᠲᠣᠶᠢᠮᠣ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 24.20 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-02
  • ᠄   1
  • ᠄   0
  • ᠄   0
  • ᠄  0

ᠰᠤᠷ ᠬᠠᠷᠪᠤᠬᠤ ︱ ᠲᠣᠶᠢᠮᠣ
ᠰᠤᠷ ᠬᠠᠷᠪᠤᠯᠲᠠ ᠬᠡᠵᠢᠶ᠎ᠡ ᠡᠴᠡ ᠡᠷ᠎ᠡ ᠶᠢᠨ ᠭᠤᠷᠪᠠᠨ ᠨᠠᠭᠠᠳᠤᠮ ᠤᠨ ᠨᠢᠭᠡᠨ ᠪᠣᠯᠤᠭᠰᠠᠨ ᠪᠤᠢ ? ᠭᠡᠳᠡᠭ ᠲᠦ
ᠲᠣᠳᠣᠷᠬᠠᠢ ᠲᠡᠮᠳᠡᠭᠯᠡᠯ ᠦᠭᠡᠢ ᠪᠣᠯᠪᠠᠴᠤ ᠨᠤᠮᠤ ᠰᠤᠮᠤᠨ ᠤ ᠡᠭᠦᠳᠦᠯᠲᠡ ᠲᠡᠢ ᠮᠠᠰᠢ ᠴᠢᠬᠤᠯᠠ ᠬᠣᠯᠪᠣᠭ᠎ᠠ ᠲᠠᠢ ᠨᠢ ᠭᠠᠷᠴᠠᠭ᠎ᠠ ᠦᠭᠡᠢ ᠃
ᠪᠠᠯᠠᠷ ᠡᠷᠲᠡᠨ ᠦ ᠬᠥᠮᠦᠰ ᠬᠣᠶᠠᠷ ᠭᠠᠷ ᠬᠣᠭᠣᠰᠣᠨ ᠨᠢᠳᠤᠷᠭ᠎ᠠ ᠪᠤᠶᠤ ᠪᠠᠶᠢᠭᠠᠯᠢ ᠶᠢᠨ ᠪᠡᠯᠡᠨ ᠵᠠᠯᠠᠨ ᠴᠢᠯᠠᠭᠤ ᠮᠣᠳᠣ ᠪᠠᠷ ᠵᠡᠪᠰᠡᠭ
ᠪᠣᠯᠭᠠᠵᠤ ᠠᠷᠢᠶᠠᠲᠠᠨ ᠠᠮᠢᠲᠠᠨ ᠠᠩᠨᠠᠵᠤ ᠪᠠᠶᠢᠭᠰᠠᠨ ᠢᠶᠠᠨ ᠨᠤᠮᠤ ᠰᠤᠮᠤ ᠡᠭᠦᠳᠦᠭᠰᠡᠨ ᠢᠶᠡᠷ ᠦᠢᠯᠡᠳᠪᠦᠷᠢᠯᠡᠯ ᠦᠨ ᠬᠦᠴᠦᠨ ᠠᠰᠤᠷᠤ
ᠶᠡᠬᠡ ᠨᠡᠮᠡᠭᠳᠡᠵᠦ ᠂ ᠨᠡᠶᠢᠭᠡᠮ ᠦᠨ ᠪᠠᠶᠢᠭᠤᠯᠤᠯ ᠴᠣ ᠲᠣᠮᠣᠬᠠᠨ ᠬᠤᠪᠢᠷᠠᠯᠲᠠ ᠲᠠᠢ ᠪᠣᠯᠬᠤ ᠳᠤ ᠬᠦᠷᠦᠭᠰᠡᠨ ᠶᠤᠮ ᠃ ᠨᠤᠮᠤ ᠰᠤᠮᠤᠨ ᠤ
ᠡᠭᠦᠳᠦᠯᠲᠡ ᠪᠣᠯ ᠬᠥᠮᠦᠨ ᠲᠥᠷᠥᠯᠬᠢᠲᠡᠨ ᠦ ᠠᠭᠤᠤ ᠶᠡᠬᠡ ᠡᠭᠦᠳᠦᠯᠲᠡ ᠶᠢᠨ ᠨᠢᠭᠡ ᠭᠡᠵᠦ ᠡᠷᠳᠡᠮᠲᠡᠳ ᠬᠡᠯᠡᠳᠡᠭ ᠨᠢ ᠤᠴᠢᠷᠲᠠᠢ ᠃
ᠦᠨᠡᠬᠡᠷ ᠴᠣ ᠨᠤᠮᠤ ᠰᠤᠮᠤ ᠪᠣᠯ ᠬᠦᠢᠲᠡᠨ ᠵᠡᠪᠰᠡᠭ ᠦᠨ ᠴᠠᠭ ᠦᠶ᠎ᠡ ᠶᠢᠨ ᠬᠠᠮᠤᠭ ᠤᠨ ᠬᠦᠴᠦᠲᠦ ᠵᠡᠪᠰᠡᠭ ᠪᠠᠶᠢᠭᠰᠠᠨ ᠶᠤᠮ ᠃ ᠡᠨᠡ
ᠬᠥ ᠬᠦᠴᠦᠲᠦ ᠵᠡᠪᠰᠡᠭ ᠦᠨ ᠬᠡᠷᠡᠭᠯᠡᠭᠡᠨ ᠳᠦ ᠴᠠᠭᠠᠷᠠᠵᠤ ︽ ᠵᠠᠭᠤᠨ ᠠᠯᠬᠤᠮ ᠤᠨ ᠴᠠᠭᠠᠨ᠎ᠠ ᠠᠴᠠ ᠵᠤᠷᠠᠮ᠎ᠠ ᠶᠢᠨ ᠲᠣᠯᠣᠭᠠᠢ ᠠᠯᠳᠠᠬᠤ
ᠦᠭᠡᠢ ᠮᠡᠷᠭᠡᠨ ᠬᠠᠷᠪᠤᠬᠤ ︾ ᠳᠤ ᠪᠠᠶᠢᠩᠭᠤ ᠶᠢᠨ ᠪᠣᠯᠪᠠᠰᠤᠷᠠᠯ ᠳᠠᠰᠬᠠᠯ ᠬᠡᠷᠡᠭᠲᠡᠢ ᠪᠠᠶᠢᠭᠰᠠᠨ ᠪᠣᠯᠬᠣᠷ ᠡᠷᠲᠡᠨ ᠦ ᠮᠣᠩᠭᠣᠯᠴᠤᠳ ᠮᠠᠯ
ᠠᠮᠢᠲᠠᠨ ᠤ ᠠᠷᠠᠰᠤ ᠰᠢᠷᠢ ᠂ ᠰᠤᠷ ᠢᠶᠠᠷ ᠫᠠᠢ ᠪᠣᠯᠭᠠᠨ ᠬᠠᠷᠪᠤᠳᠠᠭ ᠪᠠᠶᠢᠵᠠᠢ ᠃ ᠴᠡᠷᠢᠭ ᠳᠠᠶᠢᠨ ᠤ ᠶᠡᠬᠡ ᠢᠯᠠᠯᠲᠠ ᠂ ᠲᠥᠷᠥ ᠬᠦᠷᠦᠨ ᠦ
ᠬᠤᠷᠠᠯᠲᠠᠢ ᠴᠤᠭᠯᠠᠭᠠᠨ ᠪᠣᠯᠬᠤ ᠳᠤ ᠪᠥᠬᠡ ᠪᠠᠷᠢᠯᠳᠤᠭᠤᠯᠤᠨ ᠬᠦᠴᠦᠨ ᠢᠶᠡᠨ ᠠᠳᠠᠯᠢᠳᠬᠠᠬᠤ ᠂ ᠮᠣᠷᠢ ᠤᠷᠤᠯᠳᠤᠭᠤᠯᠤᠨ ᠬᠤᠷᠳᠤ ᠪᠠᠨ
ᠰᠣᠷᠢᠬᠤ ᠂ ᠰᠤᠷ ᠬᠠᠷᠪᠤᠨ ᠮᠡᠷᠭᠡᠨ ᠢᠶᠡᠨ ᠰᠢᠯᠭᠠᠷᠠᠭᠤᠯᠬᠤ ᠪᠣᠯ ᠬᠠᠮᠤᠭ ᠤᠨ ᠶᠡᠬᠡ ᠪᠠᠶᠠᠷ ᠨᠠᠭᠠᠳᠤᠮ ᠪᠠᠶᠢᠭᠰᠠᠨ ᠢᠶᠠᠨ ᠰᠡᠭᠦᠯ ᠦᠨ
ᠦᠶ᠎ᠡ ᠳᠦ ᠠᠷᠠᠳ ᠤᠨ ᠤᠯᠠᠮᠵᠢᠯᠠᠯᠲᠤ ᠨᠠᠭᠠᠳᠤᠮ ᠪᠣᠯᠤᠨ ᠬᠡᠪᠰᠢᠭᠰᠡᠨ ᠪᠠᠶᠢᠬᠤ ᠪᠣᠯᠤᠮᠵᠢᠲᠠᠢ ᠃ ᠲᠡᠦᠬᠡᠨ ᠰᠤᠷᠪᠤᠯᠵᠢ ᠠᠴᠠ
ᠦᠨᠳᠦᠰᠦᠯᠡᠪᠡᠯ ᠂ 1225 ᠣᠨ ᠳᠤ ᠮᠣᠩᠭᠣᠯ ᠤᠨ ᠳᠠᠶᠢᠴᠢᠳ ᠬᠣᠷᠧᠽ ᠤᠯᠤᠰ ᠢ ᠳᠠᠶᠢᠯᠠᠨ ᠳᠠᠭᠠᠭᠤᠯᠵᠤ ᠢᠯᠠᠯᠲᠠ ᠲᠠᠢ
ᠪᠤᠴᠠᠬᠤ ᠳᠤ ᠪᠠᠨ ᠪᠤᠬ᠎ᠠ ᠰᠣᠴᠢᠬᠠᠢ ᠭᠡᠰᠡᠨ ᠭᠠᠵᠠᠷ ᠶᠡᠬᠡ ᠨᠠᠶᠢᠷ ᠬᠢᠵᠦ ᠂ ᠬᠠᠰᠠᠷ ᠤᠨ ᠬᠦᠦ ᠶᠢᠰᠦᠩᠭᠡ ᠭᠡᠭᠴᠢ ᠪᠠᠭᠠᠲᠤᠷ 335
ᠠᠯᠲᠠ ᠬᠠᠷᠪᠤᠭᠰᠠᠨ ᠢᠶᠠᠷ ᠴᠢᠩᠭᠢᠰ ᠬᠠᠭᠠᠨ ᠴᠢᠯᠠᠭᠤᠨ ᠬᠥᠰᠢᠶᠡᠨ ᠳᠦ ᠡᠨᠡ ᠶᠠᠪᠤᠳᠠᠯ ᠢ ᠲᠡᠮᠳᠡᠭᠯᠡᠭᠦᠯᠦᠨ ᠦᠯᠡᠳᠡᠭᠡᠭᠰᠡᠨ ᠪᠢᠯᠡ ᠃
ᠣᠳᠣ ᠡᠨᠡ ᠴᠢᠯᠠᠭᠤᠨ ᠬᠥᠰᠢᠶ᠎ᠡ ᠤᠷᠤᠰ ᠤᠯᠤᠰ ᠲᠤ ᠬᠠᠳᠠᠭᠠᠯᠠᠭᠳᠠᠵᠤ ᠪᠠᠶᠢᠭ᠎ᠠ ᠶᠤᠮ ᠃ ᠡᠨᠡ ᠪᠣᠯ ᠰᠤᠷ ᠬᠠᠷᠪᠤᠯᠲᠠ ᠶᠢᠨ
ᠨᠠᠭᠠᠳᠤᠮ ᠤᠨ ᠲᠤᠬᠠᠢ ᠠᠩᠬᠠᠨ ᠤ ᠲᠡᠮᠳᠡᠭᠯᠡᠯ ᠪᠠᠶᠢᠭᠰᠠᠨ ᠭᠡᠵᠦ ᠬᠡᠯᠡᠵᠦ ᠪᠣᠯᠤᠨ᠎ᠠ ᠃ ᠡᠭᠦᠨ ᠡᠴᠡ ᠦᠵᠡᠬᠦ ᠳᠦ ᠰᠤᠷ ᠬᠠᠷᠪᠤᠯᠲᠠ
13 ᠳ᠋ᠤᠭᠠᠷ ᠵᠠᠭᠤᠨ ᠤ ᠦᠶ᠎ᠡ ᠳᠦ ᠨᠢᠭᠡᠨᠲᠡ ᠪᠠᠶᠠᠷ ᠨᠠᠭᠠᠳᠤᠮ ᠤᠨ ᠴᠢᠬᠤᠯᠠ ᠠᠭᠤᠯᠭ᠎ᠠ ᠪᠣᠯᠤᠭᠰᠠᠨ ᠭᠡᠳᠡᠭ ᠨᠢ ᠲᠣᠳᠣᠷᠬᠠᠢ ᠪᠠᠶᠢᠨ᠎ᠠ ᠃

 

 

t6 t5 t4 t3 t2 t1

ᠰᠤᠷ ᠬᠠᠷᠪᠤᠬᠤ ᠶᠢᠨ ᠲᠣᠶᠢᠮᠣ

ᠰᠤᠷ ᠬᠠᠷᠪᠤᠬᠤ ᠶᠢᠨ ᠲᠣᠶᠢᠮᠣ

ᠰᠤᠷ ᠬᠠᠷᠪᠤᠬᠤ ᠶᠢᠨ ᠲᠣᠶᠢᠮᠣ

ᠰᠢᠭᠦᠮᠵᠢ