• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠰᠤᠷ ᠬᠠᠷᠪᠤᠬᠤ ᠶᠢᠨ ᠲᠥᠷᠥᠯ ᠵᠦᠢᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 20.69 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2017-02-10
  • ᠄   1
  • ᠄   0
  • ᠄   0
  • ᠄  0

ᠰᠤᠷ ᠬᠠᠷᠪᠤᠬᠤ ︱
ᠲᠥᠷᠥᠯ ᠵᠦᠢᠯ
ᠮᠣᠩᠭᠣᠯᠴᠤᠳ ᠤᠯᠠᠮᠵᠢᠯᠠᠯᠲᠤ ᠰᠤᠷ ᠬᠠᠷᠪᠤᠯᠲᠠ ᠶᠢ ᠬᠠᠷᠪᠤᠭ᠎ᠠ ᠨᠠᠮᠨᠠᠭ᠎ᠠ ᠭᠡᠵᠦ ᠬᠤᠪᠢᠶᠠᠳᠠᠭ ᠃ ᠮᠣᠷᠢᠨ ᠤ ᠳᠠᠪᠬᠢᠭᠠᠨ
ᠳᠡᠭᠡᠷ᠎ᠡ ᠡᠴᠡ ᠬᠠᠷᠪᠤᠬᠤ ᠶᠢ ᠨᠠᠮᠨᠠᠭ᠎ᠠ ᠭᠡᠵᠦ ᠂ ᠵᠣᠭᠰᠣᠭ᠎ᠠ ᠬᠠᠷᠪᠤᠬᠤ ᠶᠢ ᠬᠠᠷᠪᠤᠭ᠎ᠠ ᠭᠡᠳᠡᠭ ᠃ ᠣᠳᠣ ᠶᠢᠨ ᠲᠦᠭᠡᠮᠡᠯ ᠶᠠᠪᠤᠭᠳᠠᠵᠤ
ᠪᠠᠶᠢᠭ᠎ᠠ ᠰᠤᠷ ᠬᠠᠷᠪᠤᠯᠲᠠ  ᠭᠡᠳᠡᠭ ᠨᠢ ᠬᠠᠷᠪᠤᠭ᠎ᠠ ᠶᠢ ᠬᠡᠯᠡᠵᠦ ᠪᠠᠶᠢᠨ᠎ᠠ ᠃ ᠥᠭᠡᠷ᠎ᠡ ᠪᠡᠷ ᠬᠡᠯᠡᠪᠡᠯ ᠂ ᠵᠣᠭᠰᠣᠵᠤ ᠪᠠᠶᠢᠭᠠᠳ ᠶᠠᠮᠠᠷ
ᠨᠢᠭᠡᠨ ᠬᠠᠷᠠᠯᠲᠠ ᠶᠢ ᠬᠠᠷᠪᠤᠬᠤ ᠶᠢ ᠬᠡᠯᠡᠵᠦ ᠪᠤᠢ ᠃

jt1
ᠨᠢᠭᠡ ᠂ ᠨᠠᠮᠨᠠᠭ᠎ᠠ ︱
ᠨᠥᠬᠥᠴᠡᠯ ᠪᠣᠯᠤᠮᠵᠢ ᠶᠢᠨ ᠰᠢᠯᠲᠠᠭᠠᠨ ᠠᠴᠠ ᠪᠣᠯᠵᠤ ᠣᠳᠣᠬᠠᠨ ᠳᠤ ᠨᠠᠶᠢᠷ ᠨᠠᠭᠠᠳᠤᠮ ᠢᠶᠠᠷ ᠨᠠᠮᠨᠠᠭ᠎ᠠ ᠶᠢ
ᠦᠨᠳᠦᠰᠦᠨ ᠳᠦ ᠪᠡᠨ ᠡᠷᠬᠢᠯᠡᠬᠦ ᠪᠡᠨ ᠪᠠᠶᠢᠭᠰᠠᠨ ᠪᠢᠯᠡ ᠃ ᠨᠠᠮᠨᠠᠭ᠎ᠠ ᠶᠢ ᠲᠣᠳᠣᠷ᠎ᠠ ᠨᠢ ᠪᠠᠰᠠ ᠣᠯᠠᠨ ᠲᠥᠷᠥᠯᠵᠢᠭᠦᠯᠵᠦ ᠬᠤᠪᠢᠶᠠᠳᠠᠭ ᠃
ᠵᠢᠱᠢᠶᠡᠯᠡᠪᠡᠯ ᠂ ᠣᠪᠲᠤ ᠳᠣᠪᠲᠣᠯᠭ᠎ᠠ ᠂ ᠬᠤᠳᠠᠷᠭᠠᠨ ᠭᠣᠳᠣᠰ ᠨᠠᠮᠨᠠᠭ᠎ᠠ ᠂ ᠳᠥᠷᠥᠭᠡᠨ ᠨᠠᠮᠨᠠᠭ᠎ᠠ ᠂ ᠪᠤᠷᠬᠢᠷᠠᠳᠠᠯ ᠨᠠᠮᠨᠠᠭ᠎ᠠ ᠂ ᠲᠠᠪᠢᠯᠲᠠᠭᠡ
ᠨᠠᠮᠨᠠᠭ᠎ᠠ ᠂ ᠤᠯᠠᠷᠢᠯᠲᠠ ᠨᠠᠮᠨᠠᠭ᠎ᠠ ᠭᠡᠵᠦ ᠪᠤᠢ ᠃ ᠨᠠᠶᠢᠷ ᠨᠠᠭᠠᠳᠤᠮ ᠳᠤ ᠭᠣᠣᠯᠳᠠᠭᠤ ᠰᠠᠷᠠᠨ ᠫᠠᠢ ᠂ ᠳᠡᠭᠦᠵᠢᠩ ᠫᠠᠢ ᠂ ᠬᠡᠪᠲᠡᠭᠡ ᠫᠠᠢ ᠂
ᠪᠣᠰᠤᠭ᠎ᠠ ᠫᠠᠢ ᠨᠠᠮᠨᠠᠳᠠᠭ ᠃
ᠰᠠᠷᠠᠨ ᠫᠠᠢ ᠨᠠᠮᠨᠠᠬᠤ ︱
ᠲᠣᠭᠲᠠᠭᠰᠠᠨ ᠵᠠᠶᠢᠲᠠᠢ ᠡᠯᠭᠦᠭᠰᠡᠨ ᠫᠠᠢ ᠶᠢᠨ ᠬᠠᠵᠠᠭᠤ ᠪᠠᠷ ᠮᠣᠷᠢ ᠳᠠᠪᠬᠢᠭᠤᠯᠤᠨ ᠥᠩᠭᠡᠷᠡᠬᠦ ᠳᠦ ᠪᠡᠨ ᠳᠥᠷᠥᠭᠡᠨ ᠳᠡᠭᠡᠷ᠎ᠡ
ᠪᠡᠨ ᠵᠣᠭᠰᠣᠭᠠᠳ ᠪᠡᠶ᠎ᠡ ᠡᠷᠭᠢᠵᠦ ᠬᠠᠷᠪᠤᠬᠤ ᠶᠢ ᠬᠡᠯᠡᠳᠡᠭ ᠃
ᠳᠡᠭᠦᠵᠢᠩ ᠫᠠᠢ ᠨᠠᠮᠨᠠᠬᠤ ︱
ᠬᠣᠭᠣᠷᠣᠨᠳᠣ ᠪᠠᠨ 7.5 ᠬᠣᠣᠰ ᠠᠯᠲᠠ ᠵᠠᠶᠢᠲᠠᠢ ᠭᠤᠷᠪᠠᠨ ᠫᠠᠢ ᠶᠢ ᠨᠠᠮᠨᠠᠯᠲᠠ ᠶᠢᠨ ᠵᠠᠮ ᠤᠨ ᠬᠠᠵᠠᠭᠤ ᠳᠤ 6 ︱9
ᠲᠣᠬᠣᠢ ᠬᠣᠯᠠ ᠳᠡᠭᠦᠵᠢᠯᠡᠵᠦ ᠂ ᠨᠠᠮᠨᠠᠭᠠᠴᠢ 45 ᠬᠣᠣᠰ ᠠᠯᠲᠠ ᠬᠣᠯᠠ ᠠᠴᠠ ᠮᠣᠷᠢ ᠳᠠᠪᠬᠢᠭᠤᠯᠤᠨ ᠢᠷᠡᠵᠦ ᠂ ᠫᠠᠢ ᠣᠶᠢᠷᠠᠲᠤᠪᠠᠯ
ᠨᠤᠮᠤ ᠪᠠᠨ ᠠᠪᠴᠤ ᠬᠠᠷᠪᠤᠳᠠᠭ ᠃ ᠡᠭᠡᠯᠵᠢ ᠪᠦᠷᠢ ᠭᠤᠷᠪᠠᠨ ᠰᠤᠮᠤ ᠂ ᠨᠠᠶᠢᠳᠠ ᠭᠤᠷᠪᠠᠨ ᠡᠭᠡᠯᠵᠢ ᠶᠢᠨ ᠶᠢᠰᠦᠨ ᠰᠤᠮᠤ ᠬᠠᠷᠪᠤᠭᠠᠳ
ᠤᠨᠤᠭᠰᠠᠨ ᠰᠤᠮᠤ ᠶᠢᠨ ᠲᠠᠰ ᠳᠠᠷᠠᠭᠠᠯᠠᠯ ᠢᠶᠠᠷ ᠬᠤᠪᠢ ᠣᠯᠭᠣᠳᠠᠭ ᠳᠦᠷᠢᠮ ᠲᠡᠢ ᠃ ᠥᠪᠥᠷ ᠮᠣᠩᠭᠣᠯ ᠤᠨ ᠠᠯᠠᠱᠠ ᠨᠤᠲᠤᠭ ᠲᠤ
ᠤᠯᠠᠮᠵᠢᠯᠠᠭᠳᠠᠵᠤ ᠪᠠᠶᠢᠵᠠᠢ ᠃
ᠪᠣᠰᠤᠭ᠎ᠠ ᠫᠠᠢ ᠨᠠᠮᠨᠠᠬᠤ ︱
ᠨᠠᠮᠨᠠᠯᠲᠠ ᠶᠢᠨ ᠵᠠᠮ ᠤᠨ ᠬᠣᠶᠠᠷ ᠬᠠᠵᠠᠭᠤ ᠪᠠᠷ ᠬᠥᠮᠦᠨ ᠦ ᠬᠢᠷᠢ ᠥᠨᠳᠥᠷ 3︱ 5 ᠫᠠᠢ ᠪᠣᠰᠬᠠᠵᠤ ᠂ ᠮᠣᠷᠢᠨ ᠤ
ᠳᠠᠪᠬᠢᠭ᠎ᠠ ᠳᠡᠭᠡᠷ᠎ᠡ ᠡᠴᠡ ᠬᠠᠷᠪᠤᠳᠠᠭ ᠃
ᠬᠡᠪᠲᠡᠭᠡ ᠫᠠᠢ ᠨᠠᠮᠨᠠᠬᠤ ︱
ᠢᠰᠡᠭᠡᠢ ᠪᠡᠷ ᠭᠤᠷᠪᠠᠨ ᠲᠠᠯ᠎ᠠ ᠲᠠᠢ ᠮᠠᠯᠠᠭᠠᠢ ᠰᠢᠭ᠋ ᠫᠠᠢ ᠵᠣᠬᠢᠶᠠᠭᠠᠳ ᠭᠠᠵᠠᠷ ᠲᠠᠯᠪᠢᠵᠤ ᠂ ᠮᠣᠷᠢᠨ ᠳᠠᠪᠬᠢᠭ᠎ᠠ ᠳᠡᠭᠡᠷ᠎ᠡ ᠡᠴᠡ
ᠬᠠᠷᠪᠤᠳᠠᠭ ᠃
ᠪᠥᠮᠪᠥᠭᠡ ᠨᠠᠮᠨᠠᠬᠤ ︱
ᠬᠣᠶᠠᠷ ᠮᠣᠳᠣᠨ ᠤ ᠬᠣᠭᠣᠷᠣᠨᠳᠣ ᠶᠢᠰᠦᠨ ᠦᠬᠡᠷ ᠦᠨ ᠬᠡᠶᠢᠯᠡᠭᠰᠡᠨ ᠳᠠᠪᠤᠰᠠᠩ ᠪᠤᠶᠤ ᠬᠤᠷᠠᠭᠠᠨ ᠤ ᠬᠡᠶᠢᠯᠡᠭᠰᠡᠨ ᠭᠦᠵᠡᠭᠡ
ᠳᠡᠭᠦᠵᠢᠯᠡᠭᠡᠳ ᠲᠣᠭᠲᠠᠭᠰᠠᠨ ᠵᠠᠢ ᠲᠠᠢ ᠮᠣᠷᠢ ᠳᠠᠪᠬᠢᠭᠤᠯᠤᠨ ᠥᠩᠭᠡᠷᠡᠬᠦ ᠳᠦ ᠪᠡᠨ ᠨᠠᠮᠨᠠᠵᠤ ᠂ ᠣᠯᠠᠨ ᠴᠥᠭᠡᠨ ᠣᠨᠣᠭᠠᠭᠰᠠᠨ ᠢᠶᠠᠨ
ᠰᠢᠯᠭᠠᠳᠠᠭ ᠨᠠᠭᠠᠳᠤᠮ ᠤᠨ ᠨᠢᠭᠡᠨ ᠲᠥᠷᠥᠯ ᠃
ᠬᠣᠶᠠᠷ ᠂ ᠬᠠᠷᠪᠤᠭ᠎ᠠ ︱
ᠥᠨᠥ ᠦᠶ᠎ᠡ ᠶᠢᠨ ᠡᠷ᠎ᠡ ᠶᠢᠨ ᠭᠤᠷᠪᠠᠨ ᠨᠠᠭᠠᠳᠤᠮ ᠤᠨ ᠰᠤᠷ ᠬᠠᠷᠪᠤᠯᠲᠠ ᠶᠢᠨ ᠤᠷᠤᠯᠳᠤᠭᠠᠨ ᠭᠡᠳᠡᠭ ᠪᠣᠯ ᠭᠣᠣᠯᠳᠠᠭᠤ
ᠬᠠᠷᠪᠤᠭ᠎ᠠ ᠶᠢ ᠵᠢᠭᠠᠵᠤ ᠪᠤᠢ ᠃ ᠵᠣᠭᠰᠣᠭ᠎ᠠ ᠪᠠᠷ ᠬᠠᠷᠪᠤᠬᠤ ᠰᠤᠷ ᠬᠠᠷᠪᠤᠯᠲᠠ ᠶᠢᠨ ᠤᠷᠤᠯᠳᠤᠭᠠᠨ ᠪᠣᠯ ᠳᠡᠯᠡᠬᠡᠢ ᠶᠢᠨ ᠪᠡᠶ᠎ᠡ ᠶᠢᠨ
ᠲᠠᠮᠢᠷ ᠤᠨ ᠤᠷᠤᠯᠳᠤᠭᠠᠨ ᠤ ᠵᠢᠩᠬᠢᠨᠢ ᠲᠥᠷᠥᠯ ᠶᠤᠮ ᠃ ᠡᠷᠲᠡ ᠦᠶ᠎ᠡ ᠳᠦ ᠲᠡᠭᠰᠢ ᠲᠣᠭ᠎ᠠ ᠪᠠᠷ ᠬᠤᠪᠢᠶᠠᠭᠳᠠᠭᠰᠠᠨ ᠬᠠᠷᠪᠤᠭᠠᠴᠢᠳ
ᠬᠣᠶᠠᠷ ᠪᠠᠭ ᠬᠤᠪᠢᠶᠠᠭᠳᠠᠵᠤ ᠂ 52 ᠨᠤᠮᠤ ᠶᠢᠨ ᠬᠣᠯᠠ ᠠᠴᠠ ᠬᠣᠭᠣᠷᠣᠨᠳᠣ ᠪᠠᠨ ᠨᠢᠭᠡ ᠨᠤᠮᠤ ᠵᠠᠶᠢᠲᠠᠢ ᠪᠠᠶᠢᠷᠢᠯᠠᠭᠤᠯᠤᠭᠰᠠᠨ ᠫᠠᠢ ᠶᠢ
ᠬᠠᠷᠪᠤᠳᠠᠭ ᠪᠠᠶᠢᠵᠠᠢ ᠃ ᠲᠡᠷᠡ ᠦᠶ᠎ᠡ ᠳᠦ ᠪᠤᠲᠠ ᠮᠠᠯ ᠤᠨ ᠰᠢᠷᠢ ᠶᠢ ᠨᠢᠭᠡ ᠬᠤᠷᠤᠭᠤ ᠰᠢᠬᠠᠮ ᠨᠠᠷᠢᠨ ᠵᠦᠰᠦᠵᠦ ᠂ ᠠᠮᠠᠨ ᠬᠦᠵᠦᠭᠦᠦ
ᠵᠠᠩᠭᠢᠳᠤᠭ᠎ᠠ ᠪᠠᠷ ᠵᠠᠩᠭᠢᠳᠤᠨ ᠨᠢᠳᠤᠷᠭ᠎ᠠ ᠶᠢᠨ ᠬᠢᠷᠢᠲᠡᠢ ᠰᠤᠷ ᠪᠥᠮᠪᠥᠭᠡ ᠬᠢᠭᠡᠳ ᠬᠠᠷᠪᠤᠳᠠᠭ ᠪᠠᠶᠢᠵᠠᠢ ᠃ ᠰᠤᠷ ᠬᠠᠷᠪᠤᠬᠤ ᠭᠡᠳᠡᠭ
ᠦᠭᠡ ᠴᠣ ᠡᠭᠦᠨ ᠲᠡᠢ ᠬᠣᠯᠪᠣᠭ᠎ᠠ ᠲᠠᠢ ᠶᠤᠮ ᠃ ᠣᠳᠣ ᠡᠶᠢᠮᠦ ᠲᠥᠷᠥᠯ ᠦᠨ ᠰᠤᠷ ᠬᠠᠷᠪᠤᠯᠲᠠ ᠠᠯᠲᠠᠢ ᠶᠢᠨ ᠤᠷᠢᠶᠠᠩᠬᠠᠶᠢᠴᠤᠳ ᠂
ᠪᠤᠷᠢᠶᠠᠳᠴᠤᠳ ᠤᠨ ᠳᠤᠮᠳᠠ ᠤᠯᠠᠮᠵᠢᠯᠠᠭᠳᠠᠵᠤ ᠪᠠᠶᠢᠨ᠎ᠠ ᠃ ᠣᠳᠣ ᠪᠣᠯ ᠰᠠᠷᠠᠨ ᠫᠠᠢ ᠬᠠᠷᠪᠤᠵᠤ ᠤᠷᠤᠯᠳᠤᠳᠠᠭ ᠪᠣᠯᠤᠭᠰᠠᠨ ᠪᠠᠶᠢᠨ᠎ᠠ ᠃
ᠭᠡᠪᠡᠴᠦ ᠰᠠᠷᠠᠨ ᠫᠠᠢ ᠬᠠᠷᠪᠤᠬᠤ ᠤᠷᠤᠯᠳᠤᠭᠠᠨ ᠮᠣᠩᠭᠣᠯᠴᠤᠳ ᠤᠨ ᠳᠤᠮᠳᠠ ᠨᠡᠯᠢᠶᠡᠳ ᠡᠷᠲᠡᠨ ᠡᠴᠡ ᠤᠯᠠᠮᠵᠢᠯᠠᠯ ᠲᠠᠢ ᠶᠤᠮ ᠃
ᠣᠷᠴᠢᠨ ᠦᠶ᠎ᠡ ᠪᠣᠯᠤᠭᠠᠳ ᠰᠠᠷᠠᠨ ᠫᠠᠢ ᠬᠠᠷᠪᠤᠬᠤ ᠤᠷᠤᠯᠳᠤᠭᠠᠨ ᠨᠡᠯᠢᠶᠡᠳ ᠳᠦᠷᠢᠮᠵᠢᠵᠦ ᠂ ᠠᠯᠢᠪᠠ ᠨᠠᠶᠢᠷ ᠨᠠᠭᠠᠳᠤᠮ ᠳᠤ
ᠲᠣᠭᠲᠠᠭᠰᠠᠨ ᠵᠢᠷᠤᠮ ᠢᠶᠠᠷ ᠤᠷᠤᠯᠳᠤᠬᠤ ᠪᠣᠯᠵᠠᠢ ᠃ ᠮᠣᠩᠭᠣᠯ ᠤᠯᠤᠰ ᠤᠨ ᠬᠠᠷᠪᠤᠭ᠎ᠠ ᠶᠢ ᠡᠷᠡᠭᠲᠡᠢ ᠡᠮᠡᠭᠲᠡᠢ ᠬᠦᠢᠰᠦ ᠢᠯᠭᠠᠯ ᠢᠶᠠᠷ
ᠲᠣᠳᠣᠷ᠎ᠠ ᠨᠢ ᠪᠠᠰᠠ ᠬᠡᠦᠬᠡᠳ ᠦᠨ ᠂ ᠵᠠᠯᠠᠭᠤᠴᠤᠳ ᠤᠨ ᠂ ᠡᠪᠦᠭᠡᠴᠦᠳ ᠦᠨ ᠂ ᠡᠮᠡᠭᠲᠡᠶᠢᠴᠦᠳ ᠦᠨ ᠭᠡᠵᠦ ᠬᠡᠳᠦᠨ ᠲᠥᠷᠥᠯ ᠳᠦ
ᠠᠩᠭᠢᠯᠠᠳᠠᠭ ᠪᠠᠶᠢᠨ᠎ᠠ ᠃

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠤᠷ ᠬᠠᠷᠪᠤᠬᠤ ᠶᠢᠨ ᠲᠥᠷᠥᠯ ᠵᠦᠢᠯ

ᠰᠢᠭᠦᠮᠵᠢ