• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠷᠢ ᠤᠷᠤᠯᠳᠤᠬᠤ ᠶᠢᠨ ᠬᠦᠯᠦᠭ ᠦᠨ ᠠᠯᠳᠠᠷ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 6.31 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-03
  • ᠄   1
  • ᠄   0
  • ᠄   0
  • ᠄  0

ᠮᠣᠷᠢ ᠤᠷᠤᠯᠳᠤᠬᠤ ︱ ᠬᠦᠯᠦᠭ ᠦᠨ ᠠᠯᠳᠠᠷ
a. ᠮᠣᠷᠢᠨ ᠤ ᠴᠣᠯᠠ ︱
ᠬᠤᠷᠳᠤᠨ ᠮᠣᠷᠢ ᠶᠢ ᠴᠣᠯᠠᠯᠠᠬᠤ ᠳᠤ ᠥᠷᠥᠭᠡᠰᠦᠨ ᠲᠣᠭ᠎ᠠ ᠪᠠᠷ ᠰᠣᠩᠭᠣᠨ ᠲᠣᠭᠲᠠᠭᠠᠳᠠᠭ ᠃ ᠵᠠᠷᠢᠮ ᠨᠤᠲᠤᠭ ᠲᠤ
ᠲᠡᠷᠢᠭᠦᠨ ᠭᠤᠷᠪᠠᠨ ᠮᠣᠷᠢ ᠶᠢ ᠲᠣᠭᠲᠠᠭᠠᠳᠠᠭ ᠂ ᠵᠠᠷᠢᠮ ᠨᠤᠲᠤᠭ ᠲᠤ ᠲᠡᠷᠢᠭᠦᠨ ᠲᠠᠪᠤᠨ ᠮᠣᠷᠢ ᠶᠢ ᠠᠶᠢᠷᠠᠭ ᠤᠨ ᠲᠠᠪᠤ ᠬᠡᠮᠡᠨ
ᠴᠣᠯᠠᠯᠠᠳᠠᠭ ᠃ ᠣᠶᠢᠷᠠᠳᠴᠤᠳ ᠲᠡᠷᠢᠭᠦᠨ ᠲᠤᠯᠤᠭᠠᠨ ᠮᠣᠷᠢ ᠶᠢ ᠴᠣᠯᠠᠯᠠᠳᠠᠭ ᠂ ᠬᠠᠷᠢᠨ ᠣᠷᠳᠣᠰ ᠬᠠᠯᠬ᠎ᠠ ᠳᠤ ᠲᠡᠷᠢᠭᠦᠨ ᠶᠢᠰᠦᠨ
ᠮᠣᠷᠢ ᠶᠢ ᠴᠣᠯᠠᠯᠠᠳᠠᠭ ᠃ ᠬᠠᠯᠬ᠎ᠠ ᠨᠤᠲᠤᠭ ᠲᠤ ᠲᠡᠷᠢᠭᠦᠨ ᠮᠣᠷᠢ ᠶᠢ ︽ ᠠᠵᠢᠨᠠᠢ ᠬᠦᠯᠦᠭ ︾ ᠂ ᠳᠡᠳ᠋ ᠮᠣᠷᠢ ᠶᠢ ︽ ᠨᠠᠷᠠᠨ ᠮᠠᠨᠳᠠᠯ ︾ ᠂
ᠭᠤᠷᠪᠠ ᠳᠤ ᠢᠷᠡᠭᠰᠡᠨ ᠮᠣᠷᠢ ᠶᠢ ︽ ᠳᠡᠭᠦᠯᠢᠬᠦ ᠬᠠᠷᠴᠠᠭᠠᠢ ︾ ᠂ ᠳᠥᠷᠪᠡ ᠳᠦ ᠢᠷᠡᠭᠰᠡᠨ ᠮᠣᠷᠢ ᠶᠢ ︽ ᠴᠠᠭᠠᠨ ᠠᠷᠰᠯᠠᠨ ︾ ᠂ ᠲᠠᠪᠤ
ᠳᠤ ᠢᠷᠡᠭᠰᠡᠨ ᠮᠣᠷᠢ ᠶᠢ ︽ ᠮᠥᠩᠭᠥᠨ ᠰᠠᠷᠠ ︾ ᠂ ᠵᠢᠷᠭᠤᠭ᠎ᠠ ᠳᠤ ᠢᠷᠡᠭᠰᠡᠨ ᠮᠣᠷᠢ ᠶᠢ ︽ ᠰᠤᠮᠤᠨ ᠴᠠᠭᠠᠨ ︾ ᠂ ᠳᠣᠯᠣᠭ᠎ᠠ ᠳᠤ
ᠢᠷᠡᠭᠰᠡᠨ ᠮᠣᠷᠢ ᠶᠢ ︽ ᠲᠠᠰ ᠪᠦᠷᠭᠦᠳ ︾ ᠂ ᠨᠠᠢᠮᠠ ᠳᠤ ᠢᠷᠡᠭᠰᠡᠨ ᠮᠣᠷᠢ ᠶᠢ ︽ ᠡᠷᠳᠡᠨᠢ ᠬᠦᠯᠦᠭ ︾ ᠂ ᠶᠢᠰᠦ ᠳᠦ ᠢᠷᠡᠭᠰᠡᠨ ᠮᠣᠷᠢ
ᠶᠢ  ︽ ᠨᠠᠴᠢᠨ ᠱᠣᠩᠬᠣᠷ ︾ ᠭᠡᠵᠦ ᠴᠣᠯᠠᠯᠠᠳᠠᠭ ᠃ ᠣᠷᠳᠣᠰ ᠨᠤᠲᠤᠭ ᠲᠤ ᠄ ᠲᠡᠷᠢᠭᠦᠨ ᠮᠣᠷᠢ ᠶᠢ ︽ ᠠᠯᠲᠠᠨ ᠰᠠᠨᠳᠠᠯᠢ ︾ ᠂ ᠳᠡᠳ᠋
ᠮᠣᠷᠢ ᠶᠢ ︽ ᠨᠠᠷᠠᠨ ᠮᠠᠨᠳᠠᠯ ︾ ᠂ ᠭᠤᠲᠠᠭᠠᠷ ᠮᠣᠷᠢ ᠶᠢ ︽ ᠳᠡᠭᠦᠯᠢᠬᠦ ᠬᠠᠷᠴᠠᠭᠠᠢ ︾ ᠂ ᠳᠥᠲᠥᠭᠡᠷ ᠮᠣᠷᠢ ᠶᠢ ︽ ᠴᠠᠭᠠᠨ ᠠᠷᠰᠯᠠᠨ ︾ ᠂
ᠲᠠᠪᠤᠳᠤᠭᠠᠷ ᠮᠣᠷᠢ ᠶᠢ ︽ ᠮᠥᠩᠭᠥᠨ ᠰᠠᠨᠳᠠᠯᠢ ︾ ᠂ ᠵᠢᠷᠭᠤᠳᠤᠭᠠᠷ ᠮᠣᠷᠢ ᠶᠢ ︽ ᠰᠤᠮᠤᠨ ᠴᠠᠭᠠᠨ ︾ ᠂ ᠳᠣᠯᠣᠳᠤᠭᠠᠷ ᠮᠣᠷᠢ ᠶᠢ
︽ ᠲᠠᠰ ᠪᠦᠷᠭᠦᠳ ︾ ᠂ ᠨᠠᠢᠮᠠᠳᠤᠭᠠᠷ ᠮᠣᠷᠢ ᠶᠢ ︽ ᠡᠷᠳᠡᠨᠢ ᠶᠢᠨ ᠬᠦᠯᠦᠭ ︾ ᠂ ᠶᠢᠰᠦᠳᠦᠭᠡᠷ ᠮᠣᠷᠢ ᠶᠢ ︽ ᠲᠣᠳᠣ ᠱᠣᠩᠬᠣᠷ ︾ ᠂
ᠠᠳᠠᠭ ᠤᠨ ᠮᠣᠷᠢ ᠶᠢ ︽ ᠴᠠᠭᠠᠨ ᠵᠠᠭᠠᠨ ︾ ᠭᠡᠵᠦ ᠴᠣᠯᠠᠯᠠᠳᠠᠭ ᠃

mm1
b. ᠬᠤᠷᠳᠤᠨ ᠮᠣᠷᠢᠨ ᠤ ᠮᠠᠭᠲᠠᠭᠠᠯ
ᠴᠢᠨᠣ᠎ᠠ ᠶᠢᠨ ᠬᠣᠶᠠᠷ ᠴᠢᠬᠢ ᠲᠡᠢ
ᠴᠣᠯᠮᠣᠨ ᠬᠣᠶᠠᠷ ᠨᠢᠳᠦᠲᠡᠢ
ᠮᠠᠲᠠᠷ ᠵᠢᠭᠠᠰᠤᠨ ᠬᠠᠮᠠᠷ ᠲᠠᠢ
ᠮᠠᠨᠳᠤᠮᠠᠯ ᠰᠠᠷᠠᠨ ᠮᠠᠩᠨᠠᠢ ᠲᠠᠢ
ᠬᠦᠷᠡᠩ ᠭᠠᠷᠤᠳᠢ ᠶᠢᠨ ᠲᠣᠯᠣᠭᠠᠢ ᠲᠠᠢ
ᠬᠥᠬᠡ ᠠᠷᠰᠯᠠᠨ ᠤ ᠬᠦᠵᠦᠭᠦᠦ ᠲᠡᠢ
ᠰᠢᠩᠭᠡᠨ ᠪᠣᠰᠤᠭ᠎ᠠ ᠳᠡᠯ ᠲᠡᠢ
ᠰᠢᠵᠢᠷ ᠠᠯᠲᠠᠨ ᠰᠡᠭᠦᠯ ᠲᠡᠢ
ᠬᠦᠴᠦᠲᠦ ᠪᠠᠷᠰ ᠤᠨ ᠴᠡᠭᠡᠵᠢ ᠲᠡᠢ
ᠬᠦᠳᠡᠷ ᠵᠠᠭᠠᠨ ᠤ ᠨᠢᠷᠤᠭᠤ ᠲᠠᠢ
ᠲᠠᠤᠯᠠᠢ ᠰᠠᠶᠢᠬᠠᠨ ᠵᠤ᠋ ᠲᠠᠢ
ᠲᠠᠶᠢᠭ᠎ᠠ ᠨᠣᠬᠠᠢ ᠶᠢᠨ ᠭᠡᠳᠡᠰᠦ ᠲᠡᠢ
ᠴᠠᠭᠠᠨ ᠵᠡᠭᠡᠷ᠎ᠡ ᠶᠢᠨ ᠰᠢᠯᠪᠢ ᠲᠡᠢ
ᠴᠠ ᠪᠣᠭᠣ ᠶᠢᠨ ᠪᠣᠷᠪᠢ ᠲᠠᠢ
ᠭᠠᠩ ᠪᠣᠯᠣᠳ ᠲᠤᠭᠤᠷᠠᠢ ᠲᠠᠢ
ᠭᠠᠩᠭᠠᠩ ᠲᠡᠭᠰᠢ ᠪᠡᠶ᠎ᠡ ᠲᠡᠢ
ᠲᠣᠯᠣᠭᠠᠢ ᠪᠠᠷ ᠢᠶᠠᠨ ᠲᠣᠭᠯᠠᠨ ᠭᠦᠶᠦᠳᠡᠭ
ᠲᠣᠭᠣᠰᠣᠨ ᠠᠴᠠ ᠪᠠᠨ ᠦᠷᠭᠦᠨ ᠭᠦᠶᠦᠳᠡᠭ
ᠰᠡᠭᠦᠯ ᠢᠶᠡᠷ ᠢᠶᠡᠨ ᠨᠠᠭᠠᠳᠤᠨ ᠭᠦᠶᠦᠳᠡᠭ
ᠰᠡᠭᠦᠳᠡᠷ ᠡᠴᠡ ᠪᠡᠨ ᠪᠤᠯᠭᠢᠨ ᠭᠦᠶᠦᠳᠡᠭ
ᠠᠭᠤᠯᠠ ᠶᠢᠨ ᠴᠠᠭᠠᠨ᠎ᠠ ᠠᠴᠠ ᠬᠠᠷᠠᠶᠢᠨ ᠭᠦᠶᠦᠳᠡᠭ
ᠠᠭᠤᠳᠠᠮ ᠲᠠᠯ᠎ᠠ ᠳᠤ ᠪᠠᠨ ᠬᠤᠷᠳᠤᠯᠠᠨ ᠭᠦᠶᠦᠳᠡᠭ
ᠤᠰᠤᠨ ᠤ ᠴᠠᠭᠠᠨ᠎ᠠ ᠠᠴᠠ ᠳᠡᠭᠳᠡᠨ ᠭᠦᠶᠦᠳᠡᠭ
ᠤᠯᠠᠮ ᠬᠣᠶᠢᠨ᠎ᠠ ᠪᠠᠨ ᠨᠢᠰᠦᠨ ᠭᠦᠶᠦᠳᠡᠭ
ᠡᠷᠳᠡᠨᠢ ᠶᠢᠨ ᠬᠦᠯᠦᠭ ᠡᠨᠡ ᠮᠣᠷᠢ ᠶᠢ
ᠤᠨᠠᠭᠠᠨ ᠳᠤ ᠨᠢ ᠤᠶᠠᠵᠤ ᠳᠠᠰᠬᠠᠨ
ᠳᠠᠭ᠎ᠠ ᠳᠤ ᠨᠢ ᠳᠠᠪᠲᠠᠵᠤ ᠰᠤᠷᠭᠠᠭᠰᠠᠨ
ᠰᠢᠳᠦᠯᠡᠩ ᠳᠦ ᠨᠢ ᠰᠢᠯᠢᠵᠦ ᠰᠣᠩᠭᠣᠭᠠᠳ
ᠬᠢᠵᠠᠯᠠᠩ ᠳᠤ ᠨᠢ ᠰᠣᠷᠢᠵᠤ ᠳᠠᠪᠬᠢᠭᠤᠯᠤᠭᠰᠠᠨ
ᠤᠰᠤᠨ ᠤ ᠲᠤᠩᠭᠠᠯᠠᠭ ᠢ ᠤᠤᠭᠤᠯᠭᠠᠨ
ᠤᠶᠠᠭ᠎ᠠ ᠰᠣᠶᠢᠯᠭ᠎ᠠ ᠶᠢ ᠨᠢ ᠲᠡᠩᠴᠡᠭᠦᠯᠦᠨ
ᠰᠣᠷᠭᠣᠭ ᠪᠡᠯᠴᠢᠭᠡᠷ ᠲᠦ ᠢᠳᠡᠰᠢᠯᠡᠭᠦᠯᠦᠨ
ᠰᠣᠷᠢᠭ᠎ᠠ ᠪᠣᠯᠪᠠᠰᠤᠷᠠᠯ ᠢ ᠨᠢ ᠲᠠᠭᠠᠷᠠᠭᠤᠯᠵᠤ
ᠵᠢᠪᠠᠷ ᠰᠠᠯᠬᠢᠨ ᠲᠠᠢ ᠬᠦᠢᠲᠡᠨ ᠳᠦ
ᠵᠢᠷᠭᠤᠭᠠᠨ ᠬᠣᠨᠣᠭ ᠰᠣᠶᠢᠵᠤ
ᠳᠣᠪᠣ ᠥᠨᠳᠥᠷ ᠭᠠᠵᠠᠷ ᠲᠤ
ᠲᠤᠯᠤᠭᠠᠨ ᠬᠣᠨᠣᠭ ᠰᠣᠶᠢᠵᠤ
ᠨᠠᠷᠠ ᠰᠠᠯᠬᠢ ᠲᠠᠢ ᠴᠠᠭ ᠲᠤ
ᠨᠠᠢᠮᠠᠨ ᠬᠣᠨᠣᠭ ᠰᠣᠶᠢᠵᠤ
ᠨᠠᠶᠢᠷ ᠨᠠᠭᠠᠳᠤᠮ ᠤᠨ ᠤᠷᠤᠯᠳᠤᠭᠠᠨ ᠳᠤ
ᠳᠠᠪᠬᠢᠭᠤᠯᠵᠤ ᠪᠠᠶᠢᠭ᠎ᠠ ᠨᠢ ᠡᠨᠡ ᠶᠤᠮ ᠠ᠋ !
ᠲᠠᠯ᠎ᠠ ᠶᠢᠨ ᠴᠠᠭᠠᠨ᠎ᠠ ᠠᠴᠠ ᠳᠠᠪᠬᠢᠭᠠᠳ ᠢᠷᠡᠳᠡᠭ
ᠲᠠᠰ ᠪᠦᠷᠭᠦᠳ ᠰᠢᠭ ᠰᠤᠩᠭᠠᠭᠠᠳ ᠢᠷᠡᠳᠡᠭ
ᠲᠠᠪᠤᠨ ᠵᠠᠭᠤ ᠠᠴᠠ ᠲᠠᠰᠤᠷᠠᠭᠠᠳ ᠢᠷᠡᠳᠡᠭ
ᠲᠠᠯᠠᠪᠠᠢ ᠶᠢᠨ ᠣᠯᠠᠨ ᠢ ᠪᠠᠶᠠᠰᠬᠠᠭᠠᠳ ᠢᠷᠡᠳᠡᠭ
ᠬᠠᠩᠭᠠᠢ ᠶᠢᠨ ᠴᠠᠭᠠᠨ᠎ᠠ ᠠᠴᠠ ᠬᠠᠷᠠᠶᠢᠭᠠᠳ ᠢᠷᠡᠳᠡᠭ
ᠬᠠᠷᠪᠤᠭᠰᠠᠨ ᠰᠤᠮᠤ ᠰᠢᠭ᠋ ᠰᠤᠮᠤᠳᠠᠭᠠᠳ ᠢᠷᠡᠳᠡᠭ
ᠬᠠᠮᠤᠭ ᠮᠣᠷᠢᠳ ᠠᠴᠠ ᠰᠤᠭᠤᠷᠠᠭᠠᠳ ᠢᠷᠡᠳᠡᠭ
ᠬᠠᠷᠠᠭᠰᠠᠨ ᠪᠦᠬᠦᠨ ᠢ ᠪᠠᠶᠠᠰᠬᠠᠭᠠᠳ ᠢᠷᠡᠳᠡᠭ
ᠮᠢᠩᠭᠠᠨ ᠰᠢᠨᠵᠢᠯᠡᠭᠡ ᠶᠢ ᠲᠡᠭᠦᠰ ᠪᠦᠷᠢᠳᠦᠭᠦᠯᠦᠭᠰᠡᠨ
ᠮᠥᠩᠬᠡ ᠠᠮᠤᠭᠤᠯᠠᠩ ᠡᠩᠬᠡ ᠵᠢᠷᠭᠠᠯᠠᠩ
ᠲᠦᠮᠡᠨ ᠦ ᠡᠬᠡ ᠲᠦᠷᠭᠡᠨ ᠴᠠᠬᠢᠯᠭᠠᠨ
ᠲᠣᠳᠣ ᠮᠠᠩᠨᠠᠢ ᠬᠦᠯᠦᠭ ᠪᠢᠯᠡ !

 

mm2

ᠮᠣᠷᠢ ᠤᠷᠤᠯᠳᠤᠬᠤ ᠶᠢᠨ ᠬᠦᠯᠦᠭ ᠦᠨ ᠠᠯᠳᠠᠷ

ᠮᠣᠷᠢ ᠤᠷᠤᠯᠳᠤᠬᠤ ᠶᠢᠨ ᠬᠦᠯᠦᠭ ᠦᠨ ᠠᠯᠳᠠᠷ

ᠮᠣᠷᠢ ᠤᠷᠤᠯᠳᠤᠬᠤ ᠶᠢᠨ ᠬᠦᠯᠦᠭ ᠦᠨ ᠠᠯᠳᠠᠷ

ᠰᠢᠭᠦᠮᠵᠢ