• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠷᠢ ᠤᠷᠤᠯᠳᠤᠬᠤ ᠶᠢᠨ ᠶᠣᠰᠣ ᠵᠦᠢ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 26.61 MB
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-03
  • ᠄   1
  • ᠄   0
  • ᠄   0
  • ᠄  0

ᠮᠣᠷᠢ ᠤᠷᠤᠯᠳᠤᠬᠤ ︱ ᠶᠣᠰᠣ ᠵᠦᠢ

ᠨᠢᠭᠡ ᠂ ᠴᠡᠭᠡᠷ ᠬᠣᠷᠢᠭ ︱

ᠠᠳᠤᠭᠤᠨ ᠤ ᠲᠣᠯᠣᠭᠠᠢ ᠂ ᠨᠢᠳᠦ ᠤᠷᠤᠭᠤ ᠴᠣᠬᠢᠬᠤ ᠶᠢ ᠴᠡᠭᠡᠷᠯᠡᠳᠡᠭ ᠃ ᠮᠣᠷᠢ ᠶᠢ ︽ ᠠᠳᠠᠰᠬ᠎ᠠ ︾ ᠂ ︽ ᠲᠤᠷᠤᠰᠬ᠎ᠠ ︾ ᠂ ︽ ᠬᠣᠪᠣᠭᠣᠨ ᠰᠢᠷᠢ ︾ ᠂ ︽ ᠶᠠᠮ᠎ᠠ ︾ ᠭᠡᠵᠦ ᠬᠠᠷᠢᠶᠠᠬᠤ ᠶᠢ ᠴᠡᠭᠡᠷᠯᠡᠨ᠎ᠡ ᠃ ᠬᠤᠷᠳᠤᠨ ᠮᠣᠷᠢ ᠤᠶᠠᠵᠤ ᠪᠠᠶᠢᠭ᠎ᠠ ᠬᠥᠮᠦᠨ ᠤᠶᠠᠭᠠᠨ ᠳᠡᠭᠡᠷ᠎ᠡ ᠶᠠᠪᠠᠭᠠᠨ ᠰᠠᠭᠤᠬᠤ ᠦᠭᠡᠢ ᠃ ᠴᠢᠯᠠᠭᠤ ᠨᠢᠰᠠᠯᠬᠤ ᠦᠭᠡᠢ ᠃ ᠲᠠᠮᠠᠬᠢ ᠲᠠᠲᠠᠬᠤ ᠦᠭᠡᠢ ᠂ ᠠᠷᠢᠬᠢ ᠤᠤᠭᠤᠬᠤ ᠦᠭᠡᠢ ᠃ ᠮᠣᠷᠢ  ᠪᠠᠨ ᠰᠣᠶᠢᠬᠤ ᠦᠭᠡᠢ ᠪᠡᠷ ᠤᠷᠤᠯᠳᠤᠭᠠᠨ ᠳᠤ ᠣᠷᠣᠯᠴᠠᠭᠤᠯᠬᠤ ᠶᠢ ᠮᠠᠰᠢ ᠶᠡᠬᠡ ᠴᠡᠭᠡᠷᠯᠡᠳᠡᠭ ᠶᠣᠰᠣ ᠲᠠᠢ ᠃ ᠤᠶᠠᠭᠠᠴᠢ ᠬᠥᠮᠦᠨ ᠠᠮᠠ ᠭᠠᠷᠬᠤ ᠦᠭᠡᠢ ᠴᠡᠭᠡᠷ ᠴᠣ ᠪᠠᠶᠢᠳᠠᠭ ᠪᠢᠯᠡ ᠃

default2015-11-11-00c1aea017-f508-47ab-8985-040a925fb9e1

ᠤᠷᠤᠯᠳᠤᠭᠠᠨ ᠤ ᠶᠠᠪᠤᠴᠠ ᠳᠤ ᠪᠤᠰᠤᠳ ᠤᠨ ᠮᠣᠷᠢ ᠶᠢ ᠬᠣᠣᠷᠯᠠᠬᠤ ᠂ ᠬᠡᠦᠬᠡᠳ ᠢ ᠨᠢ ᠤᠨᠠᠭᠠᠬᠤ ᠂ ᠵᠠᠮ ᠤᠨ ᠳᠤᠮᠳᠠ  ᠠᠴᠠ ᠨᠢ ᠣᠷᠣᠵᠤ ᠤᠷᠤᠯᠳᠤᠬᠤ ᠂ ᠪᠤᠰᠤᠳ ᠤᠨ ᠮᠣᠷᠢ ᠶᠢ ᠦᠷᠭᠦᠭᠡᠬᠦ ᠵᠡᠷᠭᠡ ᠶᠢ ᠮᠠᠰᠢ ᠴᠡᠭᠡᠷᠯᠡᠳᠡᠭ ᠃ ᠤᠷᠤᠯᠳᠤᠬᠤ ᠠᠴᠠ ᠨᠢ ᠡᠮᠦᠨ᠎ᠡ ᠬᠡᠲᠦᠷᠬᠡᠢ ᠢᠳᠡᠭᠦᠯᠬᠦ ᠂ ᠳᠡᠩᠳᠡᠭᠦᠦ ᠤᠰᠤᠯᠠᠬᠤ ᠶᠢ ᠴᠡᠭᠡᠷᠯᠡᠨ᠎ᠡ ᠃ ᠬᠣᠯᠠ ᠵᠠᠮ ᠳᠠᠪᠬᠢᠭᠠᠳ ᠢᠷᠡᠮᠡᠭᠴᠡ ᠵᠣᠭᠰᠣᠭᠠᠬᠤ ᠶᠢ ᠴᠡᠭᠡᠷᠯᠡᠵᠦ ᠂ ᠮᠣᠷᠢᠨ ᠤ ᠬᠥᠯ ᠳᠦ ᠴᠢᠰᠤ ᠪᠠᠭᠤᠵᠤ ᠲᠤᠭᠤᠯᠬᠤ ᠠᠴᠠ ᠬᠢᠴᠢᠶᠡᠳᠡᠭ ᠃ ᠬᠣᠯᠠ ᠶᠢᠨ ᠮᠣᠷᠢᠨ ᠤ ᠤᠷᠤᠯᠳᠤᠭᠠᠨ ᠳᠤ ᠳᠡᠩᠳᠡᠭᠦᠦ ᠪᠠᠭ᠎ᠠ ᠨᠠᠰᠤᠨ ᠤ ᠮᠣᠷᠢᠳ ᠢ ᠶᠡᠬᠡ ᠨᠠᠰᠤᠨ ᠤ ᠮᠣᠷᠢᠳ ᠲᠠᠢ ᠤᠷᠤᠯᠳᠤᠭᠤᠯᠬᠤ ᠶᠢ ᠴᠡᠭᠡᠷᠯᠡᠨ᠎ᠡ ᠃

default2015-11-11-31a1c2fbcd-5754-4f1e-b090-4c97ff2b9c84

ᠬᠣᠶᠠᠷ ᠂ ᠳᠦᠷᠢᠮ ᠭᠣᠷᠢᠮ ︱

ᠮᠣᠷᠢᠨ ᠤᠷᠤᠯᠳᠤᠭᠠᠨ ᠤ ᠶᠠᠪᠤᠴᠠ ᠳᠤ ᠪᠤᠰᠤᠳ ᠤᠨ ᠮᠣᠷᠢ ᠶᠢ ᠬᠠᠰᠢᠬᠤ ᠂ ᠦᠷᠭᠦᠭᠡᠬᠦ ᠂ ᠤᠷᠭᠠᠯᠠᠬᠤ ᠂ ᠳᠤᠮᠳᠠ ᠠᠴᠠ ᠨᠢ ᠮᠣᠷᠢ ᠲᠠᠯᠪᠢᠬᠤ ᠵᠡᠷᠭᠡ ᠶᠢ ᠣᠭᠲᠣ ᠵᠥᠪᠰᠢᠶᠡᠷᠡᠳᠡᠭ ᠦᠭᠡᠢ ᠃ ᠤᠷᠤᠯᠳᠤᠭᠠᠨ ᠪᠦᠷᠢ ᠥᠪᠡᠷ ᠦᠨ ᠢᠶᠡᠨ ᠪᠠᠶᠢᠳᠠᠯ ᠳᠤ ᠦᠨᠳᠦᠰᠦᠯᠡᠭᠰᠡᠨ ᠳᠦᠷᠢᠮ ᠲᠣᠭᠲᠠᠭᠠᠯ ᠲᠠᠢ ᠪᠠᠶᠢᠳᠠᠭ ᠃ ᠶᠡᠷᠦ ᠨᠢ ᠤᠷᠤᠯᠳᠤᠭᠠᠨ ᠮᠣᠷᠢᠨ ᠤ ᠲᠤᠬᠠᠢ ᠮᠣᠩᠭᠣᠯᠴᠤᠳ ᠶᠡᠬᠡ ᠴᠢᠩᠭ᠎ᠠ ᠳᠦᠷᠢᠮ ᠲᠣᠭᠲᠠᠭᠠᠯ ᠬᠡᠷᠡᠭᠯᠡᠵᠦ ᠪᠠᠶᠢᠭᠰᠠᠨ ᠲᠡᠦᠬᠡᠨ ᠪᠠᠷᠢᠮᠲᠠ ᠪᠤᠢ ᠃ ᠵᠢᠱᠢᠶᠡᠯᠡᠪᠡᠯ 1729 ᠣᠨ ᠳᠤ ᠪᠢᠴᠢᠭᠳᠡᠭᠰᠡᠨ ︽ ᠬᠠᠯᠬ᠎ᠠ ᠵᠢᠷᠤᠮ ︾ ᠳᠤ ᠡᠨᠡ ᠲᠤᠬᠠᠢ ᠮᠠᠰᠢ ᠲᠣᠳᠣᠷᠬᠠᠢ ᠲᠣᠭᠲᠠᠭᠠᠯ ᠪᠠᠶᠢᠳᠠᠭ ᠃   ᠥᠨᠥᠳᠦᠷ ᠮᠣᠷᠢ ᠤᠷᠤᠯᠳᠤᠭᠤᠯᠬᠤ ᠠᠵᠢᠯᠯᠠᠭ᠎ᠠ ᠤᠯᠠᠮ ᠢᠶᠠᠷ ᠬᠥᠭᠵᠢᠯ ᠲᠡᠢ ᠪᠣᠯᠵᠤ ᠂ ᠵᠢᠷᠤᠭ᠎ᠠ ᠬᠠᠲᠠᠷᠢᠶ᠎ᠠ ᠮᠣᠷᠢ ᠤᠷᠤᠯᠳᠤᠭᠤᠯᠬᠤ ᠂ ᠣᠶᠢᠷ᠎ᠠ ᠵᠠᠢ ᠳᠤ ᠤᠷᠤᠯᠳᠤᠭᠤᠯᠬᠤ ᠶᠠᠪᠤᠳᠠᠯ ᠣᠯᠠᠰᠢᠷᠠᠵᠤ ᠪᠠᠶᠢᠭ᠎ᠠ ᠪᠣᠯᠬᠣᠷ ᠤᠷᠤᠯᠳᠤᠭᠠᠨ ᠤ ᠳᠦᠷᠢᠮ ᠦᠨ ᠬᠤᠪᠢ ᠳᠤ ᠨᠠᠷᠢᠨ ᠱᠠᠭᠠᠷᠳᠠᠯᠭ᠎ᠠ ᠲᠠᠢ ᠪᠣᠯᠵᠤ ᠪᠠᠶᠢᠨ᠎ᠠ ᠃ ᠵᠢᠱᠢᠶᠡᠯᠡᠪᠡᠯ ᠂ ᠲᠣᠭᠲᠠᠭᠰᠠᠨ ᠪᠠᠷᠢᠮᠵᠢᠶᠠᠲᠤ ᠤᠷᠤᠯᠳᠤᠭᠠᠨ ᠤ ᠲᠠᠯᠠᠪᠠᠢ  ᠲᠠᠢ ᠪᠠᠶᠢᠬᠤ ᠂ ᠮᠡᠷᠭᠡᠵᠢᠯ ᠦᠨ ᠬᠢᠨᠠᠭᠴᠢᠳ ᠲᠠᠢ ᠪᠣᠯᠬᠤ ᠂ ᠭᠠᠵᠠᠷ ᠤᠨ ᠬᠡᠮᠵᠢᠶ᠎ᠡ ᠶᠢ ᠨᠠᠷᠢᠨ ᠬᠡᠮᠵᠢᠶᠡᠯᠡᠬᠦ ᠂ ᠳᠦᠷᠢᠮ ᠡᠴᠡ ᠵᠥᠷᠢᠴᠡᠪᠡᠯ ᠲᠣᠷᠭᠣᠬᠤ ᠲᠣᠭᠲᠠᠭᠠᠯ ᠭᠠᠷᠭᠠᠬᠤ ᠵᠡᠷᠭᠡ ᠪᠣᠯ ᠮᠠᠰᠢ ᠴᠢᠬᠤᠯᠠ ᠪᠠᠶᠢᠭ᠎ᠠ ᠶᠤᠮ ᠃ ᠡᠶᠢᠮᠦᠷᠬᠦ ᠳᠦᠷᠢᠮ ᠲᠣᠭᠲᠠᠭᠠᠯ ᠢ ᠲᠣᠭᠲᠠᠭᠠᠬᠤ ᠳᠤ ᠮᠣᠩᠭᠣᠯᠴᠤᠳ ᠤᠨ ᠮᠣᠷᠢ ᠤᠷᠤᠯᠳᠤᠭᠤᠯᠬᠤ ᠲᠠᠢ ᠬᠣᠯᠪᠣᠭᠳᠠᠭᠰᠠᠨ ᠴᠡᠭᠡᠷ ᠶᠣᠰᠣ ᠂ ᠵᠠᠩ ᠵᠢᠷᠤᠮ ᠪᠣᠯᠤᠨ ᠡᠷᠲᠡ ᠦᠶ᠎ᠡ ᠶᠢᠨ ᠰᠤᠷᠪᠤᠯᠵᠢ ᠪᠢᠴᠢᠭ ᠲᠡᠬᠢ ᠲᠡᠮᠳᠡᠭᠯᠡᠯ ᠪᠣᠯ ᠯᠠᠪᠯᠠᠯᠲᠠ ᠶᠢᠨ ᠦᠨ᠎ᠡ ᠴᠠᠨ᠎ᠠ ᠲᠠᠢ ᠪᠢᠯᠡ ᠃

ᠮᠣᠷᠢ ᠤᠷᠤᠯᠳᠤᠬᠤ ᠶᠢᠨ ᠶᠣᠰᠣ ᠵᠦᠢ

ᠮᠣᠷᠢ ᠤᠷᠤᠯᠳᠤᠬᠤ ᠶᠢᠨ ᠶᠣᠰᠣ ᠵᠦᠢ

ᠮᠣᠷᠢ ᠤᠷᠤᠯᠳᠤᠬᠤ ᠶᠢᠨ ᠶᠣᠰᠣ ᠵᠦᠢ

ᠮᠣᠷᠢ ᠤᠷᠤᠯᠳᠤᠬᠤ ᠶᠢᠨ ᠶᠣᠰᠣ ᠵᠦᠢ

ᠮᠣᠷᠢ ᠤᠷᠤᠯᠳᠤᠬᠤ ᠶᠢᠨ ᠶᠣᠰᠣ ᠵᠦᠢ

ᠮᠣᠷᠢ ᠤᠷᠤᠯᠳᠤᠬᠤ ᠶᠢᠨ ᠶᠣᠰᠣ ᠵᠦᠢ

ᠰᠢᠭᠦᠮᠵᠢ