• 1 ℃
  2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

 • ᠰᠤᠷᠪᠤᠯᠵᠢ ᠶᠢᠨ ᠨᠡᠷ᠎ᠡ᠄ 
 • ᠮᠣᠷᠢ ᠤᠷᠤᠯᠳᠤᠬᠤ ᠶᠢᠨ ᠳᠣᠮᠣᠭ ᠬᠠᠭᠤᠴᠢ
 • ᠵᠣᠬᠢᠶᠠᠭᠴᠢ᠄ 
 • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
 • ᠪᠠᠭᠲᠠᠭᠠᠮᠵᠢ᠄ 
 • 16.48 MB
 • ᠰᠤᠷᠪᠤᠯᠵᠢ ᠶᠢᠨ ᠲᠥᠷᠥᠯ ᠵᠦᠢᠯ ᠄ 
 • ᠨᠡᠢᠲᠡᠯᠡᠭᠰᠡᠨ ᠴᠠᠭ ᠄
 • 2016-12-03
 • ᠄   1
 • ᠄   0
 • ᠄   0
 • ᠄  0

ᠮᠣᠷᠢ ᠤᠷᠤᠯᠳᠤᠬᠤ ︱ ᠳᠣᠮᠣᠭ ᠬᠠᠭᠤᠴᠢ

ᠨᠢᠭᠡ ᠂ ᠬᠥᠭᠰᠢᠨ ᠬᠤᠤᠬᠤᠩ ᠤᠨ ᠳᠣᠮᠣᠭ ︱

ᠮᠣᠩᠭᠣᠯ ᠣᠷᠣᠨ ᠳᠠᠶᠠᠭᠠᠷ ᠠᠯᠳᠠᠷᠰᠢᠨ ᠳᠠᠭᠤᠯᠠᠭᠳᠠᠭᠰᠠᠨ ︽ ᠬᠥᠭᠰᠢᠨ ᠬᠤᠤᠬᠤᠩ ︾ ᠭᠡᠳᠡᠭ ᠭᠠᠶᠢᠬᠠᠮᠰᠢᠭᠲᠤ ᠬᠤᠷᠳᠤᠨ  ᠬᠦᠯᠦᠭ ᠦᠨ ᠲᠤᠬᠠᠢ ᠳᠠᠭᠤᠤ ᠪᠠᠶᠢᠳᠠᠭ ᠃

︽ ᠤᠨᠠᠭᠠᠨ ᠠᠴᠠ ᠪᠠᠨ ᠤᠶᠠᠭ᠎ᠠ ᠲᠠᠢ

ᠳᠠᠭ᠎ᠠ ᠠᠴᠠ ᠪᠠᠨ ᠳᠠᠪᠬᠢᠭ᠎ᠠ ᠲᠠᠢ

ᠲᠡᠯᠡᠢ ᠶᠡᠬᠡ ᠨᠠᠶᠢᠷ ᠲᠤ ᠪᠠᠨ

ᠲᠡᠯᠡᠨ ᠭᠤᠷᠪᠠ ᠲᠡᠷᠢᠭᠦᠯᠡᠵᠡᠢ ᠃

ᠬᠤᠰᠠᠷᠠᠩ ᠭᠡᠭᠦᠦ ᠶᠢᠨ ᠤᠨᠠᠭ᠎ᠠ

ᠬᠣᠩᠭᠣᠷ ᠬᠠᠯᠵᠠᠨ ᠳᠠᠭ᠎ᠠ

ᠬᠣᠷᠢᠨ ᠲᠠᠪᠤᠨ ᠨᠠᠰᠤᠨ ᠳᠤ ᠪᠠᠨ

ᠬᠤᠤᠬᠤᠩ ᠴᠣᠯᠠ ᠶᠢ ᠣᠯᠪᠠ ︾ ᠭᠡᠵᠦ ᠳᠠᠭᠤᠯᠠᠳᠠᠭ ᠡᠨᠡ ᠳᠠᠭᠤᠤ ᠶᠢ ᠡᠳᠦᠷ ᠦᠨ ᠭᠤᠷᠪᠠ ᠳᠠᠭᠤᠯᠠᠪᠠᠯ  ᠬᠡᠶᠢᠮᠣᠷᠢ ᠰᠡᠷᠭᠦᠵᠦ ᠂ ᠨᠠᠰᠤᠨ ᠲᠤᠷᠰᠢ ᠰᠠᠶᠢᠨ ᠮᠣᠷᠢ ᠣᠨᠣᠨ᠎ᠠ ᠭᠡᠵᠦ ᠪᠡᠯᠭᠡᠰᠢᠶᠡᠳᠡᠭ ᠃ ᠬᠥᠭᠵᠢᠮ ᠳᠠᠭᠤᠤ ᠰᠤᠷᠬᠤ ᠬᠥᠮᠦᠨ ᠴᠣ   ︽ ᠬᠥᠭᠰᠢᠨ ᠬᠤᠤᠬᠤᠩ ︾ ᠢᠶᠠᠷ ᠡᠬᠢᠯᠡᠵᠦ ᠰᠤᠷᠪᠠᠯ ᠰᠠᠶᠢᠨ ᠭᠡᠳᠡᠭ ᠤᠯᠠᠮᠵᠢᠯᠠᠯ ᠲᠠᠢ ᠃ ᠡᠨᠡ ᠮᠣᠷᠢᠨ ᠤ ᠲᠤᠬᠠᠢ ᠮᠠᠰᠢ ᠣᠯᠠᠨ  ᠳᠣᠮᠣᠭ ᠪᠠᠶᠢᠳᠠᠭ ᠪᠢᠯᠡ ᠃ ᠡᠷᠲᠡ ᠴᠠᠭ ᠲᠤ ᠪᠠᠶᠠᠨ ᠰᠤᠳᠪᠠ ᠭᠡᠳᠡᠭ ᠠᠶᠢᠯ ᠤᠨ ᠠᠳᠤᠭᠤᠨ ᠳᠤ ᠵᠣᠭᠰᠣᠭ᠎ᠠ ᠪᠠᠷ ᠢᠶᠠᠨ  ᠤᠨᠠᠭᠠᠯᠠᠭᠰᠠᠨ ᠬᠣᠩᠭᠣᠷ ᠬᠠᠯᠵᠠᠨ ᠤᠨᠠᠭ᠎ᠠ ᠪᠠᠶᠢᠭᠰᠠᠨ ᠢ ᠡᠵᠡᠨ ᠨᠢ ᠠᠷᠤ ᠪᠣᠭᠳᠠ ᠳᠤ ᠡᠷᠭᠦᠭᠰᠡᠨ ᠶᠤᠮ ᠭᠡᠨ᠎ᠡ ᠃ ᠡᠨᠡ ᠮᠣᠷᠢ ᠣᠯᠠᠨ  ᠤᠳᠠᠭᠠᠨ ᠤ ᠨᠠᠶᠢᠷ ᠨᠠᠭᠠᠳᠤᠮ ᠳᠤ ᠲᠡᠷᠢᠭᠦᠯᠡᠵᠦ ᠂ ᠲᠠᠷᠬᠠᠨ ᠴᠣᠯᠠ ᠪᠠᠨ ᠮᠠᠨᠳᠤᠭᠤᠯᠵᠤ ᠂ ᠬᠥᠭᠰᠢᠷᠡᠲᠡᠯ᠎ᠡ ᠪᠡᠨ ᠰᠠᠶᠢᠨ ᠳᠠᠪᠬᠢᠵᠤ  ᠪᠠᠶᠢᠭᠰᠠᠨ ᠭᠡᠨ᠎ᠡ ᠃ ᠲᠡᠭᠡᠭᠡᠳ ᠦᠬᠦᠬᠦ ᠳᠦ ᠪᠡᠨ ᠵᠣᠭᠰᠣᠭ᠎ᠠ ᠪᠠᠷ ᠴᠢᠯᠡᠴᠢᠬᠡᠭᠡᠳ ᠤᠨᠠᠬᠤ ᠦᠭᠡᠢ ᠪᠠᠶᠢᠬᠤ ᠪᠠᠷ ᠨᠢ ᠠᠳᠤᠭᠤᠴᠢᠨ ᠨᠢ  ᠠᠷᠤ ᠪᠣᠭᠳᠠ ᠳᠤ ᠮᠡᠳᠡᠭᠦᠯᠵᠡᠢ ᠃ ᠠᠷᠤ ᠪᠣᠭᠳᠠ ᠄ ︽ ᠶᠠᠪᠤᠵᠤ ᠡᠵᠡᠨ ᠢ ᠨᠢ ᠳᠠᠭᠤᠳᠠ ! ︾ ᠭᠡᠵᠡᠢ ᠃ ᠡᠵᠡᠨ ᠨᠢ ᠪᠠᠶᠠᠨ ᠰᠤᠳᠪᠠ ᠢᠷᠡᠭᠡᠳ ᠮᠣᠷᠢᠨ ᠤ ᠪᠠᠨ ᠲᠣᠯᠣᠭᠠᠢ ᠪᠡᠶ᠎ᠡ ᠲᠣᠰᠬᠤ ᠭᠠᠵᠠᠷ ᠨᠢ ᠡᠪᠡᠰᠦ ᠵᠥᠭᠡᠯᠡᠯᠡᠨ ᠳᠡᠪᠢᠰᠴᠦ ᠥᠭᠭᠦᠭᠰᠡᠨ ᠳᠦ ᠰᠠᠶ᠋ᠢ ᠤᠨᠠᠭᠰᠠᠨ  ᠶᠤᠮ ᠭᠡᠨ᠎ᠡ ᠃

ᠬᠣᠶᠠᠷ ᠂ ᠭᠣ‍ ᠍ ᠯᠠᠮᠠ ᠶᠢᠨ ᠴᠡᠩᠬᠡᠷ ᠮᠣᠷᠢ  ︱

ᠲᠠᠪᠢ ᠵᠢᠷᠠᠭᠠᠳ ᠣᠨ ᠤ ᠦᠶ᠎ᠡ ᠳᠦ ︽ ᠭᠣ‍ ᠍ ᠯᠠᠮᠠ ᠶᠢᠨ ᠴᠡᠩᠬᠡᠷ ᠮᠣᠷᠢ ︾ ᠭᠡᠵᠦ ᠨᠢᠭᠡ ᠬᠤᠷᠳᠤᠨ ᠮᠣᠷᠢ ᠰᠢᠯᠢ ᠶᠢᠨ  ᠭᠣᠣᠯ ᠠᠶᠢᠮᠠᠭ ᠤᠨ ᠰᠢᠯᠤᠭᠤᠨ ᠬᠥᠪᠡᠭᠡᠲᠦ ᠴᠠᠭᠠᠨ ᠬᠣᠰᠢᠭᠤᠨ ᠳᠤ ᠠᠯᠳᠠᠷᠰᠢᠵᠤ ᠪᠠᠶᠢᠵᠠᠢ ᠃ ᠤᠶᠠᠭᠠᠴᠢ ᠭᠣᠮᠪᠣᠵᠠᠪ ᠯᠠᠮᠠ  ᠭᠠᠷᠤᠯᠲᠠᠢ ᠪᠣᠯᠬᠣᠷ ᠭᠣ‍ ᠍ ᠯᠠᠮᠠ ᠭᠡᠵᠦ ᠨᠡᠷᠡᠰᠢᠭᠰᠡᠨ ᠪᠠᠶᠢᠨ᠎ᠠ ᠃ ᠲᠡᠷᠡ ᠪᠡᠷ ᠭᠤᠴᠢᠭᠠᠳ ᠣᠨ ᠤ ᠡᠬᠢᠨ ᠳᠦ ᠨᠢᠭᠡ ᠠᠷᠠᠯᠵᠢᠶᠠᠴᠢᠨ  ᠠᠴᠠ ᠲᠡᠯᠡᠨ ᠵᠢᠩ ᠰᠢᠷ᠎ᠠ ᠲᠣᠰᠣ ᠪᠠᠷ ᠬᠥᠭᠰᠢᠨ ᠭᠡᠭᠦᠦ ᠰᠣᠯᠢᠵᠤ ᠠᠪᠴᠠᠢ ᠃ ᠬᠣᠶᠠᠷ ᠵᠢᠯ ᠦᠨ ᠬᠢᠨᠢ ᠳᠠᠷᠠᠭ᠎ᠠ ᠪᠠᠷᠤᠭ 1934  ᠣᠨ ᠳᠤ ᠰᠣᠷᠮᠤᠤᠰᠤ ᠴᠠᠭᠠᠨ ᠬᠠᠷ᠎ᠠ ᠤᠨᠠᠭ᠎ᠠ ᠵᠣᠭᠰᠣᠭ᠎ᠠ ᠪᠠᠷ ᠢᠶᠠᠨ ᠤᠨᠠᠭᠠᠯᠠᠵᠤ ᠭᠡᠨ᠎ᠡ ᠃ ᠡᠨᠡ ᠬᠠᠷ᠎ᠠ ᠤᠨᠠᠭ᠎ᠠ ᠨᠢ ᠭᠤᠷᠪᠠᠨ  ᠵᠢᠯ ᠦᠨ ᠬᠣᠭᠣᠷᠣᠨᠳᠣ ᠬᠠᠷ᠎ᠠ ᠠᠴᠠ ᠪᠠᠨ ᠪᠣᠷᠣ ᠂ ᠪᠣᠷᠣ ᠠᠴᠠ ᠴᠡᠩᠬᠡᠷ ᠪᠣᠯᠵᠤ ᠬᠤᠪᠢᠷᠠᠭᠰᠠᠭᠠᠷ ᠴᠠᠭᠠᠨ ᠴᠡᠩᠬᠡᠷ ᠦᠷᠢᠶ᠎ᠡ ᠪᠣᠯᠵᠠᠢ ᠃  ᠭᠣ‍ ᠍ ᠯᠠᠮᠠ ᠴᠡᠩᠬᠡᠷ ᠮᠣᠷᠢ ᠪᠠᠨ ᠨᠠᠢᠮᠠᠨ ᠨᠠᠰᠤᠨ ᠠᠴᠠ ᠨᠢ ᠰᠣᠶᠢᠵᠤ ᠭᠤᠴᠢᠨ ᠬᠣᠶᠠᠷ ᠬᠦᠷᠲᠡᠯ᠎ᠡ ᠨᠢ ᠬᠣᠷᠢᠨ ᠲᠠᠪᠤᠨ ᠵᠢᠯ  ᠭᠦᠶᠦᠯᠭᠡᠭᠡᠳ ᠦᠵᠦᠭᠦᠷ ᠭᠤᠷᠪᠠ ᠠᠴᠠ ᠶᠡᠷᠦ ᠪᠠᠭᠤᠵᠤ ᠦᠵᠡᠭᠡ ᠦᠭᠡᠢ ᠠᠯᠳᠠᠷᠲᠠᠢ ᠬᠤᠷᠳᠤᠨ ᠬᠦᠯᠦᠭ ᠪᠠᠶᠢᠵᠠᠢ ᠃ ᠴᠡᠩᠬᠡᠷ ᠮᠣᠷᠢ  ᠬᠡᠦᠬᠡᠨ ᠮᠠᠩᠨᠠᠢ ᠲᠠᠢ ᠪᠣᠯᠬᠣᠷ ᠲᠡᠷᠢᠭᠦᠯᠡᠳᠡᠭ ᠦᠭᠡᠢ ᠭᠡᠵᠦ ᠮᠣᠷᠢ ᠰᠢᠨᠵᠢᠭᠴᠢᠳ ᠬᠡᠯᠡᠳᠡᠭ ᠃ ᠦᠨᠡᠬᠡᠷ ᠡᠨᠡ ᠮᠣᠷᠢ ᠣᠯᠠᠨ ᠤᠳᠠᠭ᠎ᠠ  ᠲᠡᠷᠢᠭᠦᠯᠡᠬᠦ ᠶᠣᠰᠣᠲᠠᠢ ᠪᠠᠶᠢᠭᠰᠠᠨ ᠪᠣᠯᠪᠠᠴᠤ ᠪᠠᠷᠢᠭᠠᠨ ᠤ ᠭᠠᠵᠠᠷ ᠢᠶᠠᠨ ᠢᠷᠡᠭᠡᠳ ᠬᠠᠲᠠᠭᠤᠷᠠᠳᠠᠭ ᠵᠠᠩᠰᠢᠯ ᠲᠠᠢ ᠪᠣᠯᠬᠣᠷ ᠣᠯᠠᠩᠬᠢ  ᠳᠤ ᠪᠠᠨ ᠳᠡᠳ᠋ ᠂ ᠭᠤᠲᠠᠭᠠᠷ ᠲᠤ ᠣᠷᠣᠳᠠᠭ ᠪᠠᠶᠢᠵᠠᠢ ᠃ 1949 ᠣᠨ ᠤ 7 ᠰᠠᠷ᠎ᠠ ᠳᠤ ᠴᠠᠬᠠᠷ ᠠᠶᠢᠮᠠᠭ ᠤᠨ ᠭᠤᠷᠪᠠᠳᠤᠭᠠᠷ  ᠤᠳᠠᠭᠠᠨ ᠤ ᠶᠡᠬᠡ ᠨᠠᠭᠠᠳᠤᠮ ᠤᠨ ᠠᠯᠤᠰ ᠤᠨ ᠮᠣᠷᠢᠨ ᠤ ᠤᠷᠤᠯᠳᠤᠭᠠᠨ ᠳᠤ ᠲᠡᠷᠢᠭᠦᠯᠡᠵᠦ ᠂ 1953 ᠣᠨ ᠳᠤ ᠴᠠᠬᠠᠷ ᠠᠶᠢᠮᠠᠭ ᠤᠨ  ᠵᠢᠷᠭᠤᠳᠤᠭᠠᠷ ᠤᠳᠠᠭᠠᠨ ᠤ ᠶᠡᠬᠡ ᠨᠠᠭᠠᠳᠤᠮ ᠤᠨ ᠠᠯᠤᠰ ᠤᠨ ᠤᠷᠤᠯᠳᠤᠭᠠᠨ ᠳᠤ ᠳᠡᠳ᠋ᠯᠡᠵᠦ ᠂ 1957 ᠣᠨ ᠳᠤ ᠰᠢᠯᠤᠭᠤᠨ  ᠬᠥᠪᠡᠭᠡᠲᠦ ᠴᠠᠭᠠᠨ ᠬᠣᠰᠢᠭᠤᠨ ᠤ ᠳᠥᠷᠪᠡᠳᠦᠭᠡᠷ ᠤᠳᠠᠭᠠᠨ ᠤ ᠶᠡᠬᠡ ᠨᠠᠭᠠᠳᠤᠮ ᠤᠨ ᠠᠯᠤᠰ ᠤᠨ ᠤᠷᠤᠯᠳᠤᠭᠠᠨ ᠳᠤ ᠭᠤᠲᠠᠭᠠᠷᠯᠠᠭᠰᠠᠨ  ᠪᠠᠶᠢᠨ᠎ᠠ ᠃ 1965 ᠣᠨ ᠤ 7 ᠰᠠᠷ᠎ᠠ ᠶᠢᠨ 15 ᠳᠦ ᠰᠢᠯᠤᠭᠤᠨ ᠬᠥᠪᠡᠭᠡᠲᠦ ᠴᠠᠭᠠᠨ ᠬᠣᠰᠢᠭᠤᠨ ᠤ ᠵᠢᠷᠭᠤᠳᠤᠭᠠᠷ ᠤᠳᠠᠭᠠᠨ ᠤ  ᠶᠡᠬᠡ ᠨᠠᠭᠠᠳᠤᠮ ᠳᠤ ᠭᠣ‍ ᠍ ᠯᠠᠮᠠ ᠭᠤᠴᠢᠨ ᠬᠣᠶᠠᠷ ᠬᠦᠷᠴᠢᠬᠡᠭᠰᠡᠨ ᠪᠠᠶᠢᠭᠰᠠᠨ ᠴᠡᠩᠬᠡᠷ ᠮᠣᠷᠢ ᠪᠠᠨ ᠪᠠᠰᠠ ᠭᠦᠶᠦᠯᠭᠡᠵᠡᠢ ᠃ ᠰᠠᠩ  ᠡᠷᠭᠢᠬᠦ ᠳᠦ ᠴᠡᠩᠬᠡᠷ ᠮᠣᠷᠢ ᠢᠨᠴᠠᠭᠠᠭᠠᠳ ᠭᠠᠷᠤᠭᠠᠳ ᠶᠠᠪᠤᠭᠰᠠᠨ ᠳᠤ ᠭᠣ‍ ᠍ ᠯᠠᠮᠠ ᠨᠢᠯᠪᠤᠰᠤ ᠪᠥᠮᠪᠥᠷᠢᠭᠦᠯᠦᠨ ᠄ ︽ ᠣᠳᠣ ᠮᠢᠨᠦ  ᠬᠥᠭᠰᠢᠨ ᠴᠡᠩᠬᠡᠷ ᠭᠣᠷᠢ ᠦᠭᠡᠢ ᠪᠣᠯᠵᠠᠢ ︾ ᠭᠡᠳ ᠬᠣᠴᠣᠷᠤᠭᠰᠠᠨ ᠭᠡᠳᠡᠭ ᠃ ᠬᠥᠭᠰᠢᠨ ᠴᠡᠩᠬᠡᠷ ᠡᠨᠡ ᠨᠠᠭᠠᠳᠤᠮ ᠤᠨ ᠵᠢᠷᠠᠨ ᠬᠡᠳᠦᠨ  ᠮᠣᠷᠢᠳ ᠠᠴᠠ 22 ᠳ᠋ᠤᠭᠠᠷ ᠲᠤ ᠢᠷᠡᠭᠡᠳ ᠬᠠᠷᠢᠬᠤ ᠵᠠᠮ ᠳᠤ ᠪᠠᠨ ᠪᠦᠷᠢᠳᠦ ᠰᠤᠮᠤᠨ ᠤ ᠤᠯᠠᠭᠠᠨ ᠲᠤᠭ ᠪᠠᠷᠢᠭᠠᠳᠠ ᠶᠢᠨ ᠠᠨᠢᠯ  ᠭᠡᠳᠡᠭ ᠭᠠᠵᠠᠷ ᠬᠦᠷᠦᠭᠡᠳ ᠬᠥᠲᠥᠯᠦᠨ ᠶᠠᠪᠤᠵᠤ ᠪᠠᠶᠢᠲᠠᠯ᠎ᠠ ᠰᠢᠭᠡᠬᠦ ᠰᠢᠭ ᠪᠣᠯᠤᠭᠰᠠᠨ ᠢᠶᠠᠨ ᠵᠣᠭᠰᠣᠭ᠎ᠠ ᠪᠠᠷ ᠢᠶᠠᠨ ᠴᠢᠯᠡᠴᠢᠬᠡᠵᠡᠢ ᠃  ᠰᠢᠨᠳᠠᠰᠤᠲᠤ ᠰᠠᠶᠢᠨ ᠬᠦᠯᠦᠭ ᠦᠨ ᠲᠥᠷᠥᠵᠦ ᠦᠬᠦᠬᠦ ᠨᠢ ᠬᠦᠷᠲᠡᠯ᠎ᠡ ᠣᠨᠳᠣᠣ ᠪᠠᠶᠢᠳᠠᠭ ᠶᠤᠮ ᠪᠠᠶᠢᠨ᠎ᠠ ᠃ ᠰᠠᠶᠢᠨ ᠮᠣᠷᠢ ᠵᠣᠭᠰᠣᠭ᠎ᠠ  ᠪᠠᠷ ᠲᠥᠷᠥᠵᠦ ᠂ ᠵᠣᠭᠰᠣᠭ᠎ᠠ ᠪᠠᠷ ᠢᠶᠠᠨ ᠦᠬᠦᠨ᠎ᠡ ᠭᠡᠳᠡᠭ ᠡᠨᠡ ᠪᠤᠶᠤ ᠃

e1

ᠮᠣᠷᠢ ᠤᠷᠤᠯᠳᠤᠬᠤ ᠶᠢᠨ ᠳᠣᠮᠣᠭ ᠬᠠᠭᠤᠴᠢ

ᠮᠣᠷᠢ ᠤᠷᠤᠯᠳᠤᠬᠤ ᠶᠢᠨ ᠳᠣᠮᠣᠭ ᠬᠠᠭᠤᠴᠢ

ᠮᠣᠷᠢ ᠤᠷᠤᠯᠳᠤᠬᠤ ᠶᠢᠨ ᠳᠣᠮᠣᠭ ᠬᠠᠭᠤᠴᠢ

ᠮᠣᠷᠢ ᠤᠷᠤᠯᠳᠤᠬᠤ ᠶᠢᠨ ᠳᠣᠮᠣᠭ ᠬᠠᠭᠤᠴᠢ

ᠮᠣᠷᠢ ᠤᠷᠤᠯᠳᠤᠬᠤ ᠶᠢᠨ ᠳᠣᠮᠣᠭ ᠬᠠᠭᠤᠴᠢ

ᠮᠣᠷᠢ ᠤᠷᠤᠯᠳᠤᠬᠤ ᠶᠢᠨ ᠳᠣᠮᠣᠭ ᠬᠠᠭᠤᠴᠢ

ᠰᠢᠭᠦᠮᠵᠢ