• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠷᠢ ᠤᠷᠤᠯᠳᠤᠬᠤ ᠶᠢᠨ ᠡᠳ᠋ᠯᠡᠯ ᠲᠣᠨᠣᠭ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-03
  • ᠄   1
  • ᠄   0
  • ᠄   0
  • ᠄  0

ᠮᠣᠷᠢ ᠤᠷᠤᠯᠳᠤᠬᠤ ︱ ᠡᠳ᠋ᠯᠡᠯ ᠲᠣᠨᠣᠭ

ᠬᠡᠦᠬᠡᠳ ᠦᠨ ᠡᠮᠦᠰᠬᠡᠯ  ︱

ᠤᠷᠤᠯᠳᠤᠭᠠᠨ ᠤ ᠮᠣᠷᠢ ᠤᠨᠤᠬᠤ ᠬᠡᠦᠬᠡᠳ ᠬᠦᠦ ᠥᠬᠢᠨ ᠪᠦᠷ ᠪᠠᠶᠢᠵᠤ ᠪᠣᠯᠤᠨ᠎ᠠ ᠃ ᠡᠩ ᠦᠨ ᠪᠠᠶᠢᠳᠠᠯ ᠳᠤ 9 ︱ 14 ᠨᠠᠰᠤᠨ ᠤ ᠵᠣᠷᠢᠭ ᠴᠢᠩᠭ᠎ᠠ ᠂ ᠮᠣᠷᠢ ᠤᠨᠤᠬᠤ ᠳᠤ ᠪᠠᠨ ᠠᠪᠢᠶᠠᠰᠣᠯᠢᠭ ᠂ ᠮᠣᠷᠢᠨ ᠳᠤ ᠬᠠᠶᠢᠷᠠᠲᠠᠢ ᠬᠡᠦᠬᠡᠳ ᠢ ᠰᠣᠩᠭᠣᠳᠠᠭ ᠃ ᠬᠡᠦᠬᠡᠳ ᠦᠨ ᠡᠮᠦᠰᠬᠡᠯ ᠳᠦ ᠡᠯᠢᠭᠡᠪᠴᠢ ᠂ ᠬᠠᠨᠵᠢᠶᠠᠷ ᠂ ᠪᠠᠩᠵᠠᠯ ᠂ ᠳᠡᠪᠡᠯ ᠂ ᠨᠥᠮᠥᠷᠭᠡ ᠂ ᠥᠮᠥᠳᠥ ᠶᠢ ᠲᠣᠳᠣ ᠥᠩᠭᠡ ᠲᠡᠢ ᠲᠣᠷᠭ᠎ᠠ  ᠪᠠᠷ ᠬᠢᠵᠦ ᠂ ᠱᠣᠪᠣᠭᠣᠷ ᠣᠷᠣᠢ ᠲᠠᠢ ᠮᠠᠯᠠᠭᠠᠢ ᠪᠤᠶᠤ ᠪᠦᠴᠡ ᠲᠡᠢ ᠮᠠᠯᠠᠭᠠᠢ ᠡᠮᠦᠰᠬᠡᠨ᠎ᠡ ᠃ ᠡᠰᠡᠬᠦᠯ᠎ᠡ ᠲᠣᠯᠣᠭᠠᠢ ᠪᠠᠨ ᠲᠣᠷᠭᠠᠨ ᠠᠯᠴᠢᠭᠤᠷ ᠢᠶᠠᠷ ᠰᠠᠴᠤᠭ ᠭᠠᠷᠭᠠᠵᠤ ᠪᠣᠭᠣᠨ᠎ᠠ ᠃ ᠬᠡᠦᠬᠡᠳ ᠦᠨ ᠡᠮᠦᠰᠬᠡᠯ ᠢ ᠬᠣᠷᠯᠣ ᠂ ᠥᠯᠵᠡᠢ ᠵᠠᠩᠭᠢᠶ᠎ᠠ ᠂ ᠰᠢᠪᠠᠭᠤ ᠂ ᠡᠷᠪᠡᠬᠡᠢ ᠵᠡᠷᠭᠡ ᠤᠭᠠᠯᠵᠠ ᠤᠷᠠᠯᠠᠯ ᠢᠶᠠᠷ ᠭᠣᠶᠣᠯᠠᠨ ᠴᠢᠮᠡᠳᠡᠭ ᠃ ᠬᠠᠷᠢᠨ ᠬᠡᠦᠬᠡᠳ ᠲᠦ ᠭᠤᠲᠤᠯ ᠱᠠᠬᠠᠢ ᠡᠮᠦᠰᠦᠭᠦᠯᠬᠦ ᠦᠭᠡᠢ ᠶᠣᠰᠣ ᠲᠠᠢ ᠃

t1

ᠡᠷᠪᠡᠭᠡᠯᠵᠢ ︱

ᠬᠤᠷᠳᠤᠨ ᠮᠣᠷᠢᠨ ᠤ ᠤᠷᠤᠯᠳᠤᠭᠠᠨ ᠳᠤ ᠡᠮᠡᠭᠡᠯ ᠦᠭᠡᠢ ᠣᠨᠣᠪᠠᠯ ᠬᠡᠦᠬᠡᠳ ᠲᠦ ᠬᠠᠯᠠᠲᠠᠢ ᠂ ᠡᠮᠡᠭᠡᠯ ᠲᠡᠢ ᠣᠨᠣᠪᠠᠯ ᠮᠣᠷᠢᠨ ᠳᠤ ᠬᠠᠯᠠᠲᠠᠢ ᠪᠣᠯᠬᠣᠷ ᠲᠤᠰᠬᠠᠢ ᠲᠣᠬᠣᠮ ᠡᠮᠡᠭᠡᠯ ᠬᠡᠷᠡᠭᠯᠡᠳᠡᠭ ᠪᠥᠭᠡᠳ ᠲᠡᠭᠦᠨ ᠢ ᠡᠷᠪᠡᠭᠡᠯᠵᠢ ᠭᠡᠳᠡᠭ ᠃ ᠰᠢᠨ᠎ᠡ ᠴᠠᠭᠠᠨ ᠢᠰᠡᠭᠡᠢ ᠪᠡᠷ ᠲᠣᠬᠣᠮ ᠬᠢᠵᠦ ᠂ ᠡᠮᠦᠨ᠎ᠡ ᠬᠣᠶᠢᠨ᠎ᠠ ᠲᠠᠯ᠎ᠠ ᠳᠤ ᠨᠢ ᠪᠦᠭᠦᠷᠭᠡ ᠮᠡᠲᠦ ᠣᠷᠢᠶᠠᠵᠤ ᠣᠶᠣᠳᠠᠭ ᠃ ᠡᠷᠪᠡᠭᠡᠯᠵᠢ ᠶᠢᠨ ᠵᠥᠪ ᠪᠤᠷᠤᠭᠤ ᠲᠠᠯ᠎ᠠ ᠠᠴᠠ ᠭᠣᠭᠴᠣᠭ᠎ᠠ ᠭᠠᠷᠭᠠᠵᠤ ᠣᠯᠣᠩ ᠵᠢᠷᠢᠮ ᠤᠶᠠᠳᠠᠭ ᠃

t2

ᠲᠠᠰᠢᠭᠤᠷ ︱

ᠤᠷᠤᠯᠳᠤᠭᠠᠨ ᠳᠤ ᠣᠷᠣᠬᠤ ᠬᠡᠦᠬᠡᠳ ᠦᠨ ᠲᠠᠰᠢᠭᠤᠷ ᠪᠣᠯ ᠬᠠᠳᠠᠭ ᠤᠨ ᠰᠡᠭᠡᠯᠳᠦᠷᠭᠡ ᠲᠡᠢ ᠰᠤᠮᠤ ᠪᠤᠶᠤ ᠽᠠᠨᠳᠠᠨ ᠮᠣᠳᠣᠨ ᠪᠦᠷᠢᠶ᠎ᠡ ᠲᠡᠢ ᠬᠠᠪᠲᠠᠭᠠᠢ ᠰᠤᠷ ᠲᠠᠰᠢᠭᠤᠷ ᠪᠠᠶᠢᠳᠠᠭ ᠃ ᠳᠠᠩᠰᠠᠨ ᠲᠠᠰᠢᠭᠤᠷ ᠠᠯᠤᠰ ᠤᠨ ᠤᠷᠤᠯᠳᠤᠭᠠᠨ ᠳᠤ ᠪᠠᠷᠢᠬᠤ ᠳᠤ ᠬᠥᠨᠳᠡᠯᠢᠰᠴᠦ ᠂ ᠭᠦᠷᠦᠮᠡᠯ ᠲᠠᠰᠢᠭᠤᠷ ᠪᠣᠯ ᠬᠥᠯᠥᠰᠥ ᠶᠡᠬᠡ ᠭᠠᠷᠤᠭᠰᠠᠨ ᠮᠣᠷᠢᠨ ᠤ ᠭᠤᠶ᠎ᠠ ᠶᠢᠨ ᠠᠷᠠᠰᠤ ᠮᠢᠬ᠎ᠠ ᠶᠢ ᠭᠡᠮᠲᠦᠭᠡᠳᠡᠭ ᠃ ᠤᠷᠤᠯᠳᠤᠭᠠᠨ ᠤ ᠮᠣᠷᠢᠨ ᠤ ᠲᠠᠰᠢᠭᠤᠷ ᠤᠨ ᠪᠦᠷᠢᠶ᠎ᠡ ᠶᠢ ᠲᠦᠭᠡ ᠬᠢᠷᠢ ᠤᠷᠲᠤ ᠬᠢᠵᠦ ᠂ ᠳᠡᠭᠡᠳᠦ ᠦᠵᠦᠭᠦᠷ ᠲᠦ ᠰᠡᠭᠡᠯᠳᠦᠷᠭᠡ ᠭᠠᠷᠭᠠᠨ ᠳᠣᠣᠷᠠᠲᠤ ᠦᠵᠦᠭᠦᠷ ᠦᠨ ᠬᠡᠰᠡᠭ ᠲᠦ ᠰᠤᠷ ᠬᠢᠨ᠎ᠡ ᠃ ᠡᠭᠦᠨ ᠢᠶᠡᠨ ᠪᠥᠭᠡᠵᠢᠯᠡᠨ ᠣᠷᠢᠶᠠᠵᠤ ᠭᠣᠶᠣᠯᠠᠳᠠᠭ ᠃

t3

ᠬᠤᠰᠤᠭᠤᠷ ︱

ᠤᠷᠤᠯᠳᠤᠭᠠᠨ ᠳᠤ ᠣᠷᠣᠳᠠᠭ ᠮᠣᠷᠢᠳ ᠢ ᠰᠣᠶᠢᠵᠤ ᠤᠶᠠᠬᠤ ᠠᠴᠠ ᠤᠷᠤᠯᠳᠤᠭᠠᠨ ᠳᠤ ᠣᠷᠣᠭᠤᠯᠬᠤ ᠪᠣᠯᠲᠠᠯ᠎ᠠ ᠮᠣᠷᠢᠨ ᠤ ᠬᠥᠯᠥᠰᠥ ᠶᠢ ᠳᠠᠩᠳᠠ ᠬᠤᠰᠤᠳᠠᠭ ᠤᠴᠢᠷ ᠬᠥᠯᠥᠰᠥ ᠬᠤᠰᠤᠬᠤ ᠬᠣᠰᠭᠤᠷ ᠢ ᠲᠤᠰᠬᠠᠢ ᠬᠢᠳᠡᠭ ᠃ ᠭᠠᠵᠠᠷ ᠪᠣᠯᠭᠠᠨ ᠤ ᠬᠢᠬᠦ ᠬᠤᠰᠤᠭᠤᠷ ᠠᠳᠠᠯᠢ ᠦᠭᠡᠢ ᠃ ᠴᠠᠬᠠᠷ ᠨᠤᠲᠤᠭ ᠲᠤ ᠬᠤᠰᠤᠭᠤᠷ ᠢ ᠨᠢᠭᠡ ᠲᠠᠯ᠎ᠠ ᠳᠤ ᠪᠠᠨ ᠬᠥᠯᠥᠰᠥ ᠬᠤᠰᠤᠬᠤ ᠲᠡᠭᠰᠢ ᠢᠷ ᠲᠡᠢ ᠬᠢᠵᠦ ᠂ ᠨᠥᠭᠥᠭᠡ ᠲᠠᠯ᠎ᠠ ᠶᠢ ᠰᠠᠮᠨᠠᠵᠤ ᠪᠣᠯᠬᠤ ᠪᠦᠳᠦᠭᠦᠯᠢᠭ ᠢᠷ ᠲᠡᠢ ᠬᠢᠨ᠎ᠡ ᠃ ᠵᠠᠷᠢᠮ ᠭᠠᠵᠠᠷ ᠬᠣᠶᠠᠷ ᠲᠠᠯ᠎ᠠ ᠶᠢ ᠴᠥᠮ ᠬᠤᠰᠤᠵᠤ ᠪᠣᠯᠬᠤ ᠢᠷ ᠲᠡᠢ ᠬᠢᠬᠦ ᠪᠣᠯᠪᠠᠴᠤ ᠨᠢᠭᠡ ᠲᠠᠯ᠎ᠠ ᠶᠢᠨ ᠢᠷ ᠢ ᠬᠤᠷᠴᠠ ᠰᠢᠭ᠋ ᠂ ᠨᠥᠭᠥᠭᠡ ᠲᠠᠯ᠎ᠠ ᠶᠢᠨ ᠢᠷ ᠢ ᠮᠣᠬᠣᠭᠣ ᠰᠢᠭ᠋ ᠬᠢᠳᠡᠭ ᠃ ᠬᠤᠰᠤᠭᠤᠷ ᠤᠨ ᠬᠠᠪᠲᠠᠭᠠᠢ ᠲᠠᠯ᠎ᠠ ᠶᠢ ᠭᠦᠳᠦᠶᠢᠲᠡᠯ᠎ᠡ ᠰᠡᠶᠢᠯᠵᠦ ᠂ ᠲᠡᠭᠦᠨ ᠳᠦ ᠪᠡᠨ ᠪᠠᠯ ᠂ ᠥᠯᠵᠡᠢ ᠤᠲᠠᠰᠤ ᠂ ᠲᠤᠯᠤᠭᠠᠨ ᠲᠠᠬᠢᠯ ᠂ ᠨᠠᠢᠮᠠᠨ ᠡᠷᠳᠡᠨᠢ ᠵᠢᠴᠢ ᠳᠥᠷᠪᠡᠨ ᠬᠦᠴᠦᠲᠡᠨ ᠂ ᠰᠠᠨᠰᠠᠷ ᠤᠨ ᠬᠦᠷᠳᠦ ᠂ ᠵᠢᠭᠦᠷᠲᠡᠨ ᠰᠢᠪᠠᠭᠤ ᠂ ᠨᠠᠢᠮᠠᠨ ᠰᠢᠷᠭ᠎ᠠ ᠭᠡᠬᠦ ᠮᠡᠲᠦ ᠶᠢᠨ ᠬᠡ ᠰᠡᠶᠢᠯᠵᠦ ᠤᠷᠠᠯᠠᠳᠠᠭ ᠃

t4

ᠨᠡᠮᠨᠡᠭᠡ ︱

ᠤᠷᠤᠯᠳᠤᠭᠠᠨ ᠤ ᠮᠣᠷᠢ ᠶᠢ ᠤᠶᠠᠵᠤ ᠬᠥᠯᠥᠰᠥᠯᠡᠬᠦ ᠳᠦ ᠰᠠᠯᠬᠢ ᠪᠣᠷᠣᠭᠠᠨ ᠳᠤ ᠴᠣᠬᠢᠭᠳᠠᠨ ᠬᠠᠯᠠᠭᠤᠨ ᠨᠠᠷᠠᠨ ᠳᠤ ᠰᠢᠷᠠᠭᠳᠠᠬᠤ ᠠᠴᠠ ᠬᠠᠮᠠᠭᠠᠯᠠᠵᠤ ᠨᠡᠮᠨᠡᠭᠡ ᠬᠢᠳᠡᠭ ᠃ ᠨᠡᠮᠨᠡᠭᠡ ᠶᠢ ᠬᠣᠶᠠᠷ ᠲᠦᠭᠡ ᠥᠷᠭᠡᠨ ᠢᠰᠡᠭᠡᠢ ᠪᠡᠷ ᠬᠢᠵᠦ ᠣᠯᠣᠩ ᠂ ᠵᠢᠷᠢᠮ ᠵᠣᠬᠢᠶᠠᠨ ᠢᠰᠡᠭᠡᠢ ᠶᠢᠨ ᠬᠥᠪᠡᠭᠡ ᠶᠢ ᠲᠣᠷᠭ᠎ᠠ ᠬᠣᠷᠭᠣᠢ ᠪᠠᠷ ᠬᠥᠪᠡᠭᠡᠯᠡᠨ᠎ᠡ ᠃ ᠡᠰᠡᠬᠦᠯ᠎ᠡ ᠭᠣᠣᠯ ᠳᠤᠮᠳᠠ ᠨᠢ ᠪᠠᠯ ᠂ ᠥᠯᠵᠡᠢ ᠂ ᠣᠳᠣ ᠮᠡᠲᠦ ᠪᠡᠷ ᠭᠣᠶᠣᠯᠠᠨ ᠣᠶᠣᠳᠠᠭ ᠃

ᠲᠣᠯᠢ ︱

ᠬᠤᠷᠳᠤᠨ ᠮᠣᠷᠢᠨ ᠤ ᠭᠤᠸ᠎ᠠ ᠰᠠᠶᠢᠬᠠᠨ ᠢ ᠪᠣᠳᠣᠵᠤ ᠂ ᠵᠢᠵᠢᠭ ᠲᠣᠯᠢ ᠶᠢ ᠲᠣᠷᠭ᠎ᠠ ᠪᠠᠷ ᠭᠠᠳᠠᠷᠯᠠᠨ ᠮᠣᠷᠢᠨ ᠤ ᠮᠠᠩᠨᠠᠢ ᠳᠤ ᠲᠠᠭᠠᠷᠠᠭᠤᠯᠤᠨ᠎ᠠ ᠃ ᠨᠠᠶᠢᠷ ᠨᠠᠭᠠᠳᠤᠮ ᠳᠤ ᠣᠯᠠᠨᠲᠠ ᠠᠶᠢᠷᠠᠭᠳᠠᠭᠰᠠᠨ ᠮᠣᠷᠢᠨ ᠳᠤ ᠪᠠᠰᠠ ᠵᠠᠩᠭᠢᠶ᠎ᠠ ᠵᠡᠭᠦᠯᠭᠡᠨ᠎ᠡ ᠃

t5

ᠫᠠᠶᠢᠰᠠ ︱

ᠤᠷᠤᠯᠳᠤᠭᠠᠨ ᠮᠣᠷᠢᠳ ᠤᠨ ᠬᠡᠳᠦᠳᠦᠭᠡᠷ ᠲᠦ ᠢᠷᠡᠭᠰᠡᠨ ᠢ ᠭᠡᠷᠡᠴᠢᠯᠡᠬᠦ ᠳᠦ ᠵᠣᠷᠢᠭᠤᠯᠤᠭᠰᠠᠨ ᠲᠣᠭ᠎ᠠ ᠪᠠᠷᠢᠮᠲᠠ ᠪᠦᠬᠦᠢ ᠮᠣᠳᠣᠨ ᠫᠠᠶᠢᠰᠠ ᠃ ᠲᠡᠷᠢᠭᠦᠨ ᠮᠣᠷᠢᠨ ᠤ ᠫᠠᠶᠢᠰᠠᠨ ᠳᠤ ᠬᠠᠳᠠᠭ ᠵᠡᠭᠦᠯᠭᠡᠬᠦ ᠤᠯᠠᠮᠵᠢᠯᠠᠯ ᠪᠤᠢ ᠃

t6

ᠰᠢᠭᠦᠮᠵᠢ