• 1 ℃
    2017ᠣᠨ ᠤ 09ᠰᠠᠷ᠎ᠠ ᠶᠢᠨ 26ᠡᠳᠦᠷ

ᠤᠨᠴᠠᠯᠢᠭᠳᠤ ᠡᠬᠢ ᠪᠠᠶᠠᠯᠢᠭ

  • ᠰᠤᠷᠪᠤᠯᠵᠢ ᠶᠢᠨ ᠨᠡᠷ᠎ᠡ᠄ 
  • ᠮᠣᠷᠢ ᠤᠷᠤᠯᠳᠤᠬᠤ ᠶᠢᠨ ᠲᠥᠷᠥᠯ ᠵᠦᠢᠯ
  • ᠵᠣᠬᠢᠶᠠᠭᠴᠢ᠄ 
  • ᠥᠪᠥᠷ ᠮᠣᠩᠭᠣᠯ ᠤᠨ ᠴᠠᠬᠢᠯᠭᠠᠨᠴᠢᠯᠠᠭᠰᠠᠨ ᠰᠤᠷᠭᠠᠨ ᠬᠦᠮᠦᠵᠢᠯ ᠦᠨ ᠣᠷᠳᠤᠨ
  • ᠪᠠᠭᠲᠠᠭᠠᠮᠵᠢ᠄ 
  • 0 bytes
  • ᠰᠤᠷᠪᠤᠯᠵᠢ ᠶᠢᠨ ᠲᠥᠷᠥᠯ ᠵᠦᠢᠯ ᠄ 
  • ᠨᠡᠢᠲᠡᠯᠡᠭᠰᠡᠨ ᠴᠠᠭ ᠄
  • 2016-12-03
  • ᠄   1
  • ᠄   0
  • ᠄   0
  • ᠄  0

ᠮᠣᠷᠢ ᠤᠷᠤᠯᠳᠤᠬᠤ ︱ ᠲᠥᠷᠥᠯ ᠵᠦᠢᠯ

ᠠᠵᠢᠷᠭ᠎ᠠ ᠤᠷᠤᠯᠳᠤᠭᠤᠯᠬᠤ ︱

ᠠᠵᠢᠷᠭ᠎ᠠ ᠶᠢ 25 ᠺᠢᠯᠣᠮᠧᠲ᠋ᠷ ᠦᠨ ᠵᠠᠢ ᠳᠤ ᠤᠷᠤᠯᠳᠤᠭᠤᠯᠳᠠᠭ ᠃ ᠬᠠᠯᠬ᠎ᠠ ᠨᠤᠲᠤᠭ ᠲᠤ ᠬᠣᠷᠢᠳᠤᠭᠠᠷ ᠵᠠᠭᠤᠨ ᠤ ᠡᠬᠢᠨ  ᠢᠶᠡᠷ ᠠᠵᠢᠷᠭ᠎ᠠ ᠤᠷᠤᠯᠳᠤᠭᠤᠯᠬᠤ ᠪᠣᠯᠤᠭᠰᠠᠨ ᠭᠡᠳᠡᠭ ᠪᠢᠯᠡ ᠃

tj1

ᠠᠵᠢᠷᠭ᠎ᠠ ᠤᠷᠤᠯᠳᠤᠭᠤᠯᠬᠤ ᠨᠢ ᠡᠴᠢᠭᠡ ᠮᠠᠯ ᠤᠨ ᠴᠢᠨᠠᠷ ᠴᠢᠨᠰᠠᠭ᠎ᠠ ᠶᠢ ᠰᠢᠯᠭᠠᠵᠤ ᠪᠠᠶᠢᠭ᠎ᠠ ᠤᠴᠢᠷ ᠶᠤᠮ ᠃ ᠡᠴᠢᠭᠡ ᠮᠠᠯ ᠤᠨ ᠴᠢᠨᠠᠷ ᠴᠢᠨᠰᠠᠭ᠎ᠠ ᠨᠢ ᠮᠠᠯ ᠤᠨ ᠡᠭᠦᠯᠳᠡᠷ ᠤᠳᠤᠮ ᠤᠨ ᠰᠠᠶᠢᠵᠢᠷᠠᠯᠲᠠ ᠳᠤ ᠰᠢᠭᠤᠳ ᠬᠣᠯᠪᠣᠭ᠎ᠠ ᠲᠠᠢ ᠪᠠᠶᠢᠳᠠᠭ ᠪᠣᠯᠬᠣᠷ ᠠᠵᠢᠷᠭ᠎ᠠ ᠤᠷᠤᠯᠳᠤᠭᠤᠯᠬᠤ ᠤᠷᠤᠯᠳᠤᠭᠠᠨ ᠲᠠᠢ ᠬᠣᠯᠪᠣᠭᠳᠠᠨ ᠰᠠᠶᠢᠨ ᠠᠵᠢᠷᠭ᠎ᠠ ᠰᠣᠩᠭᠣᠬᠤ ᠵᠣᠷᠢᠭᠤᠯᠤᠯᠲᠠ ᠴᠣ ᠤᠶᠠᠯᠳᠤᠳᠠᠭ ᠪᠠᠶᠢᠨ᠎ᠠ ᠃ ᠭᠡᠪᠡᠴᠦ ᠠᠵᠢᠷᠭ᠎ᠠ ᠶᠢ ᠣᠯᠠᠩᠬᠢ ᠳᠤ ᠪᠠᠨ ᠲᠡᠶᠢᠮᠦ ᠶᠡᠬᠡ ᠬᠣᠯᠠ ᠳᠠᠪᠬᠢᠭᠤᠯᠳᠠᠭ ᠦᠭᠡᠢ ᠃ ᠵᠠᠷᠢᠮ ᠨᠤᠲᠤᠭ ᠲᠤ ︽ ᠠᠵᠢᠷᠭ᠎ᠠ ᠰᠢᠷᠭᠤᠭᠤᠯᠬᠤ ︾ ᠤᠷᠤᠯᠳᠤᠭᠠᠨ ᠭᠡᠵᠦ ᠬᠢᠳᠡᠭ ᠃ ᠲᠡᠷᠡ ᠨᠢ ᠭᠣᠣᠯᠳᠠᠭᠤ ᠬᠣᠶᠠᠷ ᠭᠠᠷᠯᠠᠨ ᠵᠣᠭᠰᠣᠭᠰᠠᠨ ᠤᠷᠭ᠎ᠠ ᠪᠠᠷᠢᠭᠰᠠᠨ ᠬᠥᠮᠦᠰ ᠦᠨ ᠳᠤᠮᠳᠠᠭᠤᠷ ᠠᠵᠢᠷᠭ᠎ᠠ ᠪᠠᠨ ᠬᠥᠭᠡᠭᠡᠵᠦ ᠤᠷᠭᠠᠯᠠᠭᠤᠯᠬᠤ ᠶᠢ ᠬᠡᠯᠡᠳᠡᠭ ᠃ ᠭᠡᠪᠡᠴᠦ ᠮᠣᠩᠭᠣᠯᠴᠤᠳ ᠤᠨ ᠤᠯᠠᠮᠵᠢᠯᠠᠯᠲᠤ ᠡᠷ᠎ᠡ ᠶᠢᠨ ᠭᠤᠷᠪᠠᠨ ᠨᠠᠭᠠᠳᠤᠮ ᠳᠠᠬᠢ ᠮᠣᠷᠢ ᠤᠷᠤᠯᠳᠤᠭᠤᠯᠬᠤ ᠭᠡᠳᠡᠭ ᠨᠢ ᠠᠭᠲᠠ ᠮᠣᠷᠢᠨ ᠤ ᠬᠣᠯᠠ ᠶᠢᠨ ᠤᠷᠤᠯᠳᠤᠭᠠᠨ ᠢ ᠵᠢᠭᠠᠳᠠᠭ ᠃ ᠠᠵᠢᠷᠭ᠎ᠠ ᠤᠷᠤᠯᠳᠤᠭᠤᠯᠬᠤ ᠪᠣᠯ ᠨᠡᠯᠢᠶᠡᠳ ᠰᠡᠭᠦᠯ ᠦᠨ ᠦᠶ᠎ᠡ ᠳᠦ ᠬᠥᠭᠵᠢᠯ ᠢᠶᠡᠨ ᠣᠯᠤᠭᠰᠠᠨ ᠨᠢᠭᠡ ᠵᠦᠢᠯ ᠦᠨ ᠤᠷᠤᠯᠳᠤᠭᠠᠨ ᠤ ᠲᠥᠷᠥᠯ ᠪᠠᠶᠢᠵᠤ ᠂ ᠵᠤᠭ᠎ᠠ ᠴᠡᠩᠭᠡᠭᠡ ᠪᠣᠯᠭᠠᠬᠤ ᠂ ᠡᠷ᠎ᠡ ᠴᠢᠳᠠᠯ ᠢᠶᠠᠨ ᠰᠣᠷᠢᠬᠤ ᠂ ᠡᠴᠢᠭᠡ ᠮᠠᠯ ᠤᠨ ᠴᠢᠨᠠᠷ ᠴᠢᠨᠰᠠᠭ᠎ᠠ ᠶᠢ ᠰᠢᠯᠭᠠᠬᠤ ᠲᠠᠢ ᠬᠣᠯᠪᠣᠭᠳᠠᠳᠠᠭ ᠃

ᠦᠷᠢᠶ᠎ᠡ ᠤᠷᠤᠯᠳᠤᠭᠤᠯᠬᠤ ︱

ᠬᠡᠦᠬᠡᠳ ᠦᠳ ᠬᠢᠵᠠᠯᠠᠩ ᠦᠷᠢᠶ᠎ᠡ ᠶᠢ ᠵᠠᠶᠢᠳᠠᠩ ᠤᠨᠤᠵᠤ ᠂ 20 ᠭᠠᠵᠠᠷ ᠤᠨ ᠤᠷᠤᠯᠳᠤᠭᠠᠨ ᠢᠶᠠᠷ ᠰᠢᠯᠭᠠᠷᠠᠭᠤᠯᠳᠠᠭ ᠃ ᠤᠷᠤᠯᠳᠤᠭᠠᠨ ᠠᠴᠠ ᠡᠮᠦᠨ᠎ᠡ ᠵᠠᠪᠠᠯ ᠨᠠᠰᠤ ᠰᠢᠳᠦᠨ ᠦ ᠲᠣᠳᠣᠷᠬᠠᠢ ᠰᠢᠨᠵᠢᠯᠡᠭᠡ ᠬᠢᠭᠡᠳ ᠤᠷᠤᠯᠳᠤᠭᠠᠨ ᠳᠤ ᠣᠷᠣᠯᠴᠠᠭᠤᠯᠳᠠᠭ ᠳᠦᠷᠢᠮ  ᠲᠡᠢ ᠃

tj2

ᠦᠷᠢᠶ᠎ᠡ ᠤᠷᠤᠯᠳᠤᠭᠤᠯᠬᠤ ᠤᠷᠤᠯᠳᠤᠭᠠᠨ ᠨᠡᠯᠢᠶᠡᠳ ᠡᠷᠲᠡ ᠡᠴᠡ ᠪᠠᠶᠢᠵᠠᠢ ᠃ ᠦᠷᠢᠶ᠎ᠡ ᠤᠷᠤᠯᠳᠤᠭᠤᠯᠬᠤ ᠶᠢ ᠮᠣᠩᠭᠣᠯᠴᠤᠳ ᠶᠡᠬᠡ ᠪᠡᠯᠭᠡᠰᠢᠶᠡᠳᠡᠭ ᠪᠠ ᠲᠡᠷᠡ ᠨᠢ ᠬᠣᠵᠢᠮ ᠤᠨ ᠬᠤᠷᠳᠤᠨ ᠮᠣᠷᠢ ᠴᠣᠯᠭᠣᠷᠠᠬᠤ ᠡᠰᠡᠬᠦ ᠲᠡᠢ ᠬᠣᠯᠪᠣᠭᠳᠠᠳᠠᠭ ᠪᠠᠶᠢᠨ᠎ᠠ ᠃ ᠭᠡᠪᠡᠴᠦ ᠰᠤᠮᠤ ᠭᠠᠴᠠᠭᠠᠨ ᠤ ᠪᠠᠭ᠎ᠠ ᠨᠠᠶᠢᠷ ᠂ ᠣᠪᠣᠭ᠎ᠠ ᠤᠰᠤᠨ ᠤ ᠨᠠᠶᠢᠷ ᠲᠤ ᠦᠷᠢᠶ᠎ᠡ ᠤᠷᠤᠯᠳᠤᠬᠤ ᠨᠢ ᠴᠥᠭᠡᠨ ᠪᠠᠶᠢᠳᠠᠭ ᠃ ᠶᠡᠷᠦ ᠨᠢ ᠪᠠᠭ᠎ᠠ ᠨᠠᠶᠢᠷ ᠲᠤ ᠭᠣᠣᠯᠳᠠᠭᠤ ᠬᠣᠯᠠ ᠶᠢᠨ ᠮᠣᠷᠢᠨ ᠤ ᠤᠷᠤᠯᠳᠤᠭᠠᠨ ᠢᠶᠠᠷ ᠭᠣᠣᠯᠯᠠᠵᠤ ᠂ ᠪᠤᠰᠤᠳ ᠲᠥᠷᠥᠯ ᠦᠨ ᠤᠷᠤᠯᠳᠤᠭᠠᠨ ᠢ ᠳᠡᠮᠡᠢ ᠬᠢᠳᠡᠭ ᠦᠭᠡᠢ ᠃ ᠲᠡᠭᠦᠨ ᠦ ᠤᠴᠢᠷ ᠨᠢ ᠦᠷᠢᠶ᠎ᠡ ᠮᠣᠷᠢᠳ ᠤᠨ ᠲᠣᠭ᠎ᠠ ᠬᠡᠮᠵᠢᠶ᠎ᠡ ᠲᠡᠢ ᠬᠣᠯᠪᠣᠭ᠎ᠠ ᠲᠠᠢ ᠪᠥᠭᠡᠳ ᠨᠠᠶᠢᠷ ᠤᠨ ᠵᠣᠬᠢᠶᠠᠨ ᠪᠠᠶᠢᠭᠤᠯᠬᠤ ᠠᠵᠢᠯ ᠲᠠᠢ ᠴᠣ ᠬᠣᠯᠪᠣᠭ᠎ᠠ ᠲᠠᠢ ᠶᠤᠮ ᠃

ᠳᠠᠭ᠎ᠠ ᠤᠷᠤᠯᠳᠤᠭᠤᠯᠬᠤ ︱

ᠬᠣᠶᠠᠷ ᠨᠠᠰᠤᠲᠠᠢ ᠮᠣᠷᠢᠨ ᠤ ᠤᠷᠤᠯᠳᠤᠭᠠᠨ ᠢ ᠳᠠᠭ᠎ᠠ ᠶᠢᠨ ᠤᠷᠤᠯᠳᠤᠭᠠᠨ ᠭᠡᠳᠡᠭ ᠃ ᠳᠠᠭ᠎ᠠ ᠶᠢ 10 ︱ 14 ᠺᠢᠯᠣᠮᠧᠲ᠋ᠷ ᠦᠨ ᠵᠠᠢ ᠳᠤ ᠤᠷᠤᠯᠳᠤᠭᠤᠯᠳᠠᠭ ᠃ ᠳᠠᠭ᠎ᠠ ᠶᠢ 5 ︱ 6 ᠨᠠᠰᠤᠨ ᠤ ᠬᠡᠦᠬᠡᠳ ᠣᠨᠣᠳᠠᠭ ᠃

tj3

ᠮᠣᠩᠭᠣᠯ ᠠᠷᠠᠳ ᠤᠨ ᠳᠠᠭᠤᠤ ︽ ᠬᠥᠭᠰᠢᠨ ᠬᠤᠤᠬᠤᠩ ︾ ᠳᠤ ︽ ᠤᠨᠠᠭᠠᠨ ᠠᠴᠠ ᠪᠠᠨ ᠤᠶᠠᠭ᠎ᠠ ᠲᠠᠢ ᠂ ᠳᠠᠭ᠎ᠠ ᠠᠴᠠ ᠪᠠᠨ ᠳᠠᠪᠬᠢᠭ᠎ᠠ ᠲᠠᠢ ︾ ᠭᠡᠵᠦ ᠳᠠᠭᠤᠯᠠᠳᠠᠭ ᠪᠢᠯᠡ ᠃ ᠬᠤᠷᠳᠤᠨ ᠰᠠᠶᠢᠨ ᠮᠣᠷᠢ ᠪᠣᠯᠵᠤ ᠪᠣᠯᠬᠤ ᠡᠷᠡᠮᠡᠯᠵᠡᠯᠡᠯ ᠲᠡᠢ ᠮᠣᠷᠢᠳ ᠦᠨᠡᠬᠡᠷ ᠪᠠᠭ᠎ᠠ ᠨᠠᠰᠤᠨ ᠠᠴᠠ ᠪᠠᠨ ᠴᠣᠯᠭᠣᠷᠠᠳᠠᠭ ᠤᠴᠢᠷᠲᠠᠢ ᠶᠤᠮ ᠃ ᠳᠠᠶᠢᠨ ᠬᠥ ᠳᠠᠭ᠎ᠠ ᠤᠷᠤᠯᠳᠤᠭᠤᠯᠬᠤ ᠶᠢ ᠮᠣᠩᠭᠣᠯᠴᠤᠳ ᠪᠡᠯᠭᠡᠰᠢᠶᠡ ᠂ ᠪᠠᠭ᠎ᠠ ᠬᠡᠪᠴᠢᠶᠡᠨ ᠦ ᠬᠣᠲᠠ ᠤᠰᠤᠨ ᠤ ᠨᠠᠶᠢᠷ ᠴᠤᠭᠯᠠᠭ᠎ᠠ ᠪᠠᠷ ᠳᠠᠭ᠎ᠠ ᠤᠷᠤᠯᠳᠤᠭᠤᠯᠬᠤ ᠠᠵᠢᠯᠯᠠᠭ᠎ᠠ ᠶᠢ ᠪᠣᠯᠤᠮᠵᠢ ᠲᠠᠢ ᠪᠣᠯ ᠵᠣᠬᠢᠶᠠᠨ ᠪᠠᠶᠢᠭᠤᠯᠳᠠᠭ ᠪᠠᠶᠢᠵᠠᠢ ᠃

ᠬᠣᠯᠠ ᠶᠢᠨ ᠮᠣᠷᠢᠨ ᠤ ᠤᠷᠤᠯᠳᠤᠭᠠᠨ ︱

ᠠᠭᠲᠠ ᠮᠣᠷᠢᠨ ᠤ ᠬᠣᠯᠠ ᠶᠢᠨ ᠤᠷᠤᠯᠳᠤᠭᠠᠨ ᠢ 40 ︱ 60 ᠭᠠᠵᠠᠷ ᠤᠨ ᠲᠣᠳᠣᠷ᠎ᠠ ᠲᠤᠬᠠᠢ ᠶᠢᠨ ᠦᠶ᠎ᠡ ᠶᠢᠨ ᠪᠣᠳᠠᠲᠤ ᠪᠠᠶᠢᠳᠠᠯ ᠢᠶᠠᠨ ᠦᠨᠳᠦᠰᠦᠯᠡᠨ ᠲᠣᠬᠢᠷᠠᠭᠤᠯᠳᠠᠭ ᠃ ᠡᠨᠡ ᠪᠣᠯ ᠮᠣᠩᠭᠣᠯᠴᠤᠳ ᠤᠨ ᠮᠣᠷᠢᠨ ᠤᠷᠤᠯᠳᠤᠭᠠᠨ ᠤ ᠲᠣᠳᠣᠷ᠎ᠠ ᠬᠥᠮᠦᠰ ᠦᠨ ᠳᠤᠷ᠎ᠠ ᠪᠠᠬ᠎ᠠ ᠶᠢ ᠬᠠᠮᠤᠭ ᠠᠴᠠ ᠢᠯᠡᠭᠦᠦ ᠲᠠᠲᠠᠳᠠᠭ ᠤᠷᠤᠯᠳᠤᠭᠠᠨ ᠶᠤᠮ ᠃

tj4

ᠵᠠᠷᠢᠮ ᠨᠤᠲᠤᠭ ᠲᠤ ᠶᠡᠬᠡ ᠡᠷᠲᠡ ᠦᠶ᠎ᠡ ᠳᠦ ᠬᠣᠶᠠᠷ ᠭᠤᠷᠪᠠᠨ ᠵᠠᠭᠤᠨ ᠭᠠᠵᠠᠷ ᠤᠨ ᠮᠣᠷᠢᠨ ᠤ ᠤᠷᠤᠯᠳᠤᠭᠠᠨ ᠬᠢᠳᠡᠭ ᠪᠠᠶᠢᠵᠠᠢ ᠃ ᠡᠶᠢᠮᠦᠷᠬᠦ ᠤᠷᠤᠯᠳᠤᠭᠠᠨ ᠶᠡᠬᠡ ᠴᠥᠭᠡᠨ ᠪᠠᠶᠢᠳᠠᠭ ᠪᠥᠭᠡᠳ ᠭᠣᠣᠯᠳᠠᠭᠤ ᠮᠣᠷᠢᠳ ᠤᠨ ᠬᠣᠯᠠ ᠵᠠᠮ ᠤᠨ ᠳᠠᠭᠠᠭᠠᠴᠠ ᠲᠡᠰᠪᠦᠷᠢ ᠶᠢ ᠰᠢᠯᠭᠠᠬᠤ ᠂ ᠤᠨᠤᠭᠰᠠᠨ ᠬᠥᠮᠦᠨ ᠦ ᠤᠬᠠᠭᠠᠨ ᠰᠠᠮᠪᠠᠭ᠎ᠠ ᠶᠢ ᠰᠢᠯᠭᠠᠬᠤ ᠳᠤ ᠵᠣᠷᠢᠭᠤᠯᠤᠭᠳᠠᠭᠰᠠᠨ ᠪᠠᠶᠢᠳᠠᠭ ᠃ ᠬᠣᠯᠠ  ᠶᠢᠨ ᠮᠣᠷᠢᠨ ᠤ ᠤᠷᠤᠯᠳᠤᠭᠠᠨ ᠤ ᠳᠦᠷᠢᠮᠵᠢᠯ ᠦᠨ ᠲᠠᠯ᠎ᠠ ᠪᠠᠷ ᠬᠣᠶᠢᠰᠢᠳᠠ ᠤᠯᠠᠮ ᠲᠡᠭᠦᠯᠳᠡᠷᠵᠢᠭᠦᠯᠬᠦ ᠱᠠᠭᠠᠷᠳᠠᠯᠭ᠎ᠠ ᠲᠠᠢ ᠪᠠᠶᠢᠭ᠎ᠠ ᠶᠤᠮ ᠃ ᠬᠣᠯᠠ ᠶᠢᠨ ᠮᠣᠷᠢᠨ ᠤ ᠤᠷᠤᠯᠳᠤᠭᠠᠨ ᠪᠣᠯ ᠤᠶᠠᠭᠠᠴᠢ ᠶᠢᠨ ᠡᠷᠳᠡᠮ ᠂ ᠤᠨᠤᠭᠰᠠᠨ ᠬᠡᠦᠬᠡᠳ ᠦᠨ ᠰᠠᠮᠪᠠᠭ᠎ᠠ ᠂ ᠤᠷᠤᠯᠳᠤᠭᠠᠨ ᠮᠣᠷᠢᠨ ᠤ ᠰᠢᠨᠳᠠᠰᠤ ᠶᠢ ᠰᠢᠯᠭᠠᠭᠰᠠᠨ ᠴᠤᠬᠤᠮ ︽ ᠡᠷ᠎ᠡ ᠴᠢᠳᠠᠯ ᠤᠨ ᠨᠠᠭᠠᠳᠤᠮ ︾ ᠶᠤᠮ ᠃

ᠵᠢᠷᠤᠭ᠎ᠠ ᠮᠣᠷᠢᠨ ᠤ ᠤᠷᠤᠯᠳᠤᠭᠠᠨ ︱

ᠵᠢᠷᠤᠭ᠎ᠠ ᠮᠣᠷᠢ ᠶᠢ 4 ︱ 5 ᠺᠢᠯᠣᠮᠧᠲ᠋ᠷ ᠦᠨ ᠵᠠᠢ ᠳᠤ ᠤᠷᠤᠯᠳᠤᠭᠤᠯᠳᠠᠭ ᠃ ᠵᠢᠷᠤᠭ᠎ᠠ ᠮᠣᠷᠢᠨ ᠤ ᠤᠷᠤᠯᠳᠤᠭᠠᠨ ᠤ ᠬᠢᠨᠠᠭᠴᠢ ᠵᠠᠪᠠᠯ ᠮᠣᠷᠢᠨ ᠤ ᠵᠢᠷᠤᠭ᠎ᠠ ᠶᠠᠪᠤᠳᠠᠯ ᠢᠶᠠᠷ ᠢᠶᠠᠨ ᠶᠠᠪᠤᠵᠤ ᠪᠠᠶᠢᠬᠤ ᠡᠰᠡᠬᠦ ᠶᠢ ᠬᠢᠨᠠᠬᠤ ᠱᠠᠭᠠᠷᠳᠠᠯᠭ᠎ᠠ ᠲᠠᠢ ᠃ ᠤᠷᠤᠯᠳᠤᠭᠠᠨ ᠤ ᠪᠦᠬᠦ ᠶᠠᠪᠤᠴᠠ ᠳᠤ ᠵᠢᠷᠤᠭ᠎ᠠ ᠶᠠᠪᠤᠳᠠᠯ ᠢᠶᠠᠨ ᠠᠯᠳᠠᠯ ᠦᠭᠡᠢ ᠲᠡᠷᠢᠭᠦᠯᠡᠵᠦ ᠢᠷᠡᠭᠰᠡᠨ ᠮᠣᠷᠢ ᠶᠢ ᠲᠡᠷᠢᠭᠦᠯᠡᠭᠰᠡᠨ ᠢᠶᠡᠷ ᠲᠣᠭᠠᠴᠠᠳᠠᠭ ᠃

tj5

ᠮᠣᠩᠭᠣᠯᠴᠤᠳ ᠤᠨ ᠡᠷ᠎ᠡ ᠶᠢᠨ ᠭᠤᠷᠪᠠᠨ ᠨᠠᠭᠠᠳᠤᠮ ᠳᠤ ᠬᠡᠳᠦᠶᠢᠪᠡᠷ ᠮᠣᠷᠢ ᠤᠷᠤᠯᠳᠤᠬᠤ ᠭᠡᠵᠦ ᠪᠠᠶᠢᠪᠠᠴᠤ ᠲᠡᠷᠡ ᠨᠢ ᠭᠣᠣᠯᠳᠠᠭᠤ ᠬᠣᠯᠠ ᠶᠢᠨ ᠮᠣᠷᠢᠨ ᠤ ᠤᠷᠤᠯᠳᠤᠭᠠᠨ ᠢ ᠬᠡᠯᠡᠳᠡᠭ ᠃ ᠬᠣᠯᠠ ᠶᠢᠨ ᠤᠷᠤᠯᠳᠤᠭᠠᠨ ᠪᠣᠯ ᠮᠣᠷᠢᠨ ᠤ ᠡᠷ᠎ᠡ ᠴᠢᠳᠠᠯ ᠢ ᠰᠢᠯᠭᠠᠵᠤ ᠪᠠᠶᠢᠨ᠎ᠠ ᠭᠡᠵᠦ ᠣᠶᠢᠯᠠᠭᠠᠳᠠᠭ ᠃ ᠬᠠᠷᠢᠨ ᠵᠢᠷᠤᠭ᠎ᠠ ᠶᠠᠪᠤᠳᠠᠯ ᠪᠣᠯ ᠮᠣᠷᠢᠨ ᠤ ᠡᠷ᠎ᠡ ᠴᠢᠳᠠᠯ ᠪᠢᠰᠢ ᠂ ᠡᠷᠳᠡᠮ ᠶᠤᠮ ᠃ ᠳᠠᠶᠢᠨ ᠬᠥ ᠤᠤᠯ ᠨᠢ ᠵᠢᠷᠤᠭ᠎ᠠ ᠮᠣᠷᠢ ᠤᠷᠤᠯᠳᠤᠭᠤᠯᠬᠤ ᠶᠠᠪᠤᠳᠠᠯ ᠶᠡᠬᠡ ᠴᠥᠭᠡᠨ ᠪᠠᠶᠢᠵᠠᠢ ᠃ ᠮᠣᠩᠭᠣᠯ ᠤᠯᠤᠰ ᠲᠤ ᠣᠳᠣ ᠪᠣᠯᠲᠠᠯ᠎ᠠ ᠵᠢᠷᠤᠭ᠎ᠠ ᠮᠣᠷᠢ ᠤᠷᠤᠯᠳᠤᠭᠤᠯᠳᠠᠭ ᠦᠭᠡᠢ ᠨᠢ ᠡᠭᠦᠨ ᠦ ᠤᠴᠢᠷ ᠶᠤᠮ ᠃ ᠵᠢᠷᠤᠭ᠎ᠠ ᠮᠣᠷᠢ ᠤᠷᠤᠯᠳᠤᠭᠤᠯᠬᠤ ᠳᠤ ᠲᠣᠭᠲᠠᠭᠰᠠᠨ ᠲᠠᠯᠠᠪᠠᠢ ᠂ ᠤᠷᠤᠯᠳᠤᠭᠤᠯᠬᠤ ᠳᠦᠷᠢᠮ ᠂ ᠮᠡᠷᠭᠡᠵᠢᠯ ᠦᠨ ᠬᠢᠨᠠᠭᠴᠢ ᠬᠡᠷᠡᠭᠲᠡᠢ ᠃

ᠬᠠᠲᠠᠷᠢᠶ᠎ᠠ ᠮᠣᠷᠢᠨ ᠤ ᠤᠷᠤᠯᠳᠤᠭᠠᠨ ︱

ᠬᠠᠲᠠᠷᠢᠶ᠎ᠠ ᠮᠣᠷᠢ ᠶᠢ 8 ︱ 10 ᠺᠢᠯᠣᠮᠧᠲ᠋ᠷ ᠦᠨ ᠵᠠᠢ ᠳᠤ ᠤᠷᠤᠯᠳᠤᠭᠤᠯᠳᠠᠭ ᠃ ᠬᠠᠲᠠᠷᠢᠶ᠎ᠠ ᠮᠣᠷᠢᠨ ᠤ ᠤᠷᠤᠯᠳᠤᠭᠠᠨ ᠳᠤ ᠮᠣᠷᠢᠨ ᠤ ᠬᠠᠲᠠᠷᠢᠶ᠎ᠠ ᠶᠠᠪᠤᠳᠠᠯ ᠢᠶᠠᠨ ᠠᠯᠳᠠᠬᠤ ᠡᠰᠡᠬᠦ ᠶᠢ ᠦᠵᠡᠬᠦ ᠪᠠ ᠬᠤᠷᠳᠤ ᠶᠢ ᠰᠢᠯᠭᠠᠳᠠᠭ ᠃

tj6

ᠬᠠᠲᠠᠷᠢᠶ᠎ᠠ ᠮᠣᠷᠢᠨ ᠤ ᠤᠷᠤᠯᠳᠤᠭᠠᠨ ᠴᠣ ᠮᠣᠷᠢᠨ ᠤ ᠡᠷ᠎ᠡ ᠴᠢᠳᠠᠯ ᠢ ᠪᠢᠰᠢ ᠂ ᠡᠷᠳᠡᠮ ᠢ ᠰᠢᠯᠭᠠᠭᠰᠠᠨ ᠤᠷᠤᠯᠳᠤᠭᠠᠨ ᠤ ᠨᠢᠭᠡᠨ ᠪᠢᠯᠡ ᠃ ᠭᠡᠪᠡᠴᠦ ᠰᠡᠭᠦᠯ ᠦᠨ ᠦᠶ᠎ᠡ ᠳᠦ ᠨᠠᠶᠢᠷ ᠨᠠᠭᠠᠳᠤᠮ ᠤᠨ ᠱᠠᠭᠠᠷᠳᠠᠯᠭ᠎ᠠ ᠪᠠᠷ ᠬᠠᠲᠠᠷᠢᠶ᠎ᠠ ᠮᠣᠷᠢ ᠴᠣ ᠤᠷᠤᠯᠳᠤᠭᠤᠯᠬᠤ ᠪᠣᠯᠵᠠᠢ ᠃ ᠵᠢᠷᠤᠭ᠎ᠠ ᠪᠤᠶᠤ ᠬᠠᠲᠠᠷᠢᠶ᠎ᠠ ᠮᠣᠷᠢᠨ ᠤ ᠤᠷᠤᠯᠳᠤᠭᠠᠨ ᠳᠤ ᠭᠣᠣᠯᠳᠠᠭᠤ ᠪᠦᠷ ᠯᠠ ᠶᠠᠪᠤᠳᠠᠯ ᠢ ᠨᠢ ᠬᠢᠨᠠᠬᠤ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠡᠶᠢᠮᠦᠷᠬᠦ ᠤᠷᠤᠯᠳᠤᠭᠠᠨ ᠣᠳᠣᠬᠠᠨ ᠳᠤ ᠭᠣᠣᠯᠳᠠᠭᠤ ᠦᠵᠡᠭᠦᠯᠦᠯᠭᠡ ᠶᠢᠨ ᠤᠷᠤᠯᠳᠤᠭᠠᠨ ᠤ ᠬᠡᠯᠪᠡᠷᠢ ᠪᠡᠷ ᠶᠠᠪᠤᠭᠳᠠᠵᠤ ᠪᠤᠢ ᠃

ᠬᠤᠷᠳᠤᠨ ᠮᠣᠷᠢᠨ ᠤ ᠣᠶᠢᠷ᠎ᠠ ᠵᠠᠢ ᠶᠢᠨ ᠤᠷᠤᠯᠳᠤᠭᠠᠨ ︱

ᠡᠶᠢᠮᠦ ᠤᠷᠤᠯᠳᠤᠭᠠᠨ ᠳᠤ ᠡᠷᠡᠭᠲᠡᠢ ᠡᠮᠡᠭᠲᠡᠢ ᠵᠠᠯᠠᠭᠤ ᠢᠳᠡᠷᠴᠦᠦᠯ ᠣᠷᠣᠯᠴᠠᠳᠠᠭ ᠃ ᠬᠠᠷᠢᠨ ᠬᠡᠦᠬᠡᠳ ᠢ ᠣᠷᠣᠯᠴᠠᠭᠤᠯᠳᠠᠭ ᠦᠭᠡᠢ ᠃ ᠭᠣᠣᠯᠳᠠᠭᠤ 20 ︱ 30 ᠭᠠᠵᠠᠷ ᠤᠨ ᠵᠠᠢ ᠳᠤ ᠮᠣᠷᠢ ᠪᠠᠨ ᠡᠮᠡᠭᠡᠯ ᠲᠡᠢ ᠤᠨᠤᠵᠤ ᠤᠷᠤᠯᠳᠤᠭᠤᠯᠳᠠᠭ ᠃

tj7

ᠣᠶᠢᠷ᠎ᠠ ᠵᠠᠢ ᠶᠢᠨ ᠮᠣᠷᠢᠨ ᠤ ᠤᠷᠤᠯᠳᠤᠭᠠᠨ ᠴᠣ ᠰᠡᠭᠦᠯ ᠦᠨ ᠦᠶ᠎ᠡ ᠳᠦ ᠬᠥᠭᠵᠢᠭᠰᠡᠨ ᠶᠤᠮ ᠃ ᠳᠡᠯᠡᠬᠡᠢ ᠨᠠᠶᠢᠳᠠ ᠶᠢᠨ ᠬᠡᠪᠴᠢᠶᠡᠨ ᠳᠦ ᠭᠣᠣᠯᠳᠠᠭᠤ ᠣᠶᠢᠷ᠎ᠠ ᠵᠠᠢ ᠶᠢᠨ ᠤᠷᠤᠯᠳᠤᠭᠠᠨ ᠢ ᠡᠷᠬᠢᠯᠡᠳᠡᠭ ᠪᠥᠭᠡᠳ ᠪᠦᠷ ᠲᠣᠭᠲᠠᠭᠰᠠᠨ ᠲᠠᠯᠠᠪᠠᠢ ᠳᠤ ᠶᠠᠪᠤᠭᠳᠠᠳᠠᠭ᠃ ᠬᠤᠷᠳᠤᠨ ᠮᠣᠷᠢᠨ ᠤ ᠣᠶᠢᠷ᠎ᠠ ᠵᠠᠢ ᠶᠢᠨ ᠤᠷᠤᠯᠳᠤᠭᠠᠨ ᠪᠣᠯ ᠥᠨᠳᠥᠷ ᠪᠡᠶᠡᠷᠬᠡᠭ ᠮᠣᠷᠢᠳ ᠲᠤ ᠲᠣᠬᠢᠷᠠᠭᠰᠠᠨ ᠪᠣᠯᠬᠣᠷ ᠮᠣᠩᠭᠣᠯ ᠮᠣᠷᠢᠳ ᠤᠨ ᠬᠣᠯᠠ ᠵᠠᠮ ᠳᠤ ᠳᠠᠭᠠᠭᠠᠴᠠ ᠲᠠᠢ ᠣᠨᠴᠠᠯᠢᠭ ᠢ ᠪᠦᠷᠢᠨ ᠬᠠᠷᠠᠭᠤᠯᠬᠤ ᠳᠤ ᠬᠡᠴᠡᠭᠦᠦ ᠪᠠᠶᠢᠳᠠᠭ ᠃ ᠭᠡᠪᠡᠴᠦ ᠬᠥᠮᠦᠰ ᠦᠨ ᠵᠤᠭ᠎ᠠ ᠴᠡᠩᠭᠡᠭᠡᠨ ᠦ ᠱᠠᠭᠠᠷᠳᠠᠯᠭ᠎ᠠ ᠂ ᠳᠡᠯᠡᠬᠡᠢ ᠨᠠᠶᠢᠳᠠ ᠶᠢᠨ ᠬᠠᠨᠳᠤᠰᠢ ᠲᠠᠢ ᠪᠣᠯᠵᠤ ᠪᠤᠢ ᠃ ᠳᠠᠶᠢᠨ ᠬᠥ ᠤᠷᠤᠯᠳᠤᠭᠠᠨ ᠤ ᠲᠠᠯᠠᠪᠠᠢ ᠂ ᠲᠣᠳᠣᠷᠬᠠᠢ ᠳᠦᠷᠢᠮᠵᠢᠯ ᠮᠠᠰᠢ ᠱᠠᠭᠠᠷᠳᠠᠭᠳᠠᠵᠤ ᠪᠠᠶᠢᠨ᠎ᠠ ᠃

ᠰᠢᠭᠦᠮᠵᠢ